论文信息


题名 ᠲᠤᠭ᠋᠋ᠤᠨᠲᠡᠮᠦᠷ ᠬᠠᠭ᠋᠋ᠠᠨ ᠤ ᠬᠢᠲᠠᠳ ᠮᠣᠩᠭᠤᠯ ᠬᠤᠶᠠᠷ ᠰᠢᠯᠦᠭ ᠦᠨ ᠲᠤᠬᠠᠢ ᠰᠢᠨᠵᠢᠯᠡᠭᠡ
作者 ᠮᠠᠨᠳᠠᠷᠠᠤ᠎ᠠ
关键词 ᠲᠤᠭ᠋᠋ᠤᠨᠲᠡᠮᠦᠷ ᠬᠠᠭ᠋᠋ᠠᠨ︔
摘要 ᠬᠢᠲᠠᠳ᠂ ᠮᠣᠩᠭᠤᠯ ᠪᠢᠴᠢᠭ ᠳᠤᠷᠠᠰᠬᠠᠯ ᠳᠤ ᠶᠤᠸᠠᠨ ᠤᠯᠤᠰ ᠤᠨ ᠲᠤᠭ᠋ᠤᠨᠲᠡᠮᠦᠷ ᠤᠬᠠᠭ᠋ᠠᠨᠲᠤ ᠬᠠᠭ᠋ᠠᠨ ᠤ ᠬᠡᠳᠦᠨ ᠪᠠᠳᠠᠭ ᠰᠢᠯᠦᠭ ᠳᠠᠭ᠋ᠤᠯᠠᠯ ᠲᠡᠮᠳᠡᠭᠯᠡᠭᠳᠡᠨ ᠮᠠᠨ ᠤ ᠡᠷᠡᠨ ᠳᠦ ᠬᠦᠷᠲᠡᠯ᠎ᠡ ᠤᠯᠠᠮᠵᠢᠯᠠᠭᠳᠠᠵᠠᠢ᠃ ᠡᠳᠡᠭᠡᠷ ᠦᠳ ᠦᠨ ᠳᠤᠲᠤᠷ᠎ᠠ 《ᠮᠢᠩ ᠦᠨ ᠡᠵᠡᠨ᠎ᠡ ᠬᠠᠷᠢᠭ᠋ᠤᠯᠤᠭᠰᠠᠨ ᠠᠨ᠋ᠤ》 ᠭᠡᠬᠦ ᠬᠢᠲᠠᠳ ᠰᠢᠯᠦᠭ ᠬᠢᠭᠡᠳ 《ᠲᠤᠭ᠋ᠤᠨᠲᠡᠮᠡᠷ ᠬᠠᠭ᠋ᠠᠨ ᠤ ᠭᠡᠮᠰᠢᠯ ᠰᠢᠯᠦᠭ》 ᠭᠡᠬᠦ ᠮᠣᠩᠭᠤᠯ ᠢᠶᠠᠷ ᠪᠢᠴᠢᠭᠳᠡᠭᠰᠡᠨ ᠰᠢᠯᠦᠭ ᠨᠢ ᠠᠳᠠᠯᠢ ᠨᠢᠭᠡᠨ ᠴᠠᠭ ᠦᠶ᠎ᠡ ᠶᠢᠨ ᠠᠳᠠᠯᠢ ᠰᠡᠳᠦᠪ ᠢᠶᠡᠷ ᠰᠡᠳᠦᠪᠯᠡᠭᠰᠡᠨ ᠰᠢᠯᠦᠭ ᠪᠤᠯᠪᠠᠴᠤ᠂ ᠠᠭ᠋ᠤᠯᠭ᠎ᠠ ᠦᠵᠡᠯ ᠰᠠᠨ᠋ᠠᠭ᠎ᠠ ᠨᠢ ᠣᠨᠳᠤᠤ ᠪᠠᠢᠳᠠᠭ᠃ ᠲᠤᠰ ᠦᠭᠦᠯᠡᠯ ᠳᠦ ᠵᠤᠬᠢᠶᠠᠭᠴᠢ ᠠᠴᠠ 《ᠭᠡᠮᠰᠢᠯ ᠰᠢᠯᠦᠭ》 ᠵᠤᠬᠢᠶᠠᠭᠳᠠᠬᠤ ᠦᠶ᠎ᠡ ᠶᠢᠨ ᠠᠬᠤᠢ ᠪᠠᠢᠳᠠᠯ ᠬᠢᠭᠡᠳ ᠰᠢᠯᠦᠭᠴᠢ ᠶᠢᠨ ᠤᠶᠠᠩᠭ᠎ᠠ ᠰᠡᠳᠬᠢᠯᠭᠡ ᠶᠢᠨ ᠬᠤᠭ᠋ᠤᠷᠤᠨᠳᠤᠬᠢ ᠬᠠᠷᠢᠴᠠᠭ᠎ᠠ᠂ 《ᠭᠡᠮᠰᠢᠯ ᠰᠢᠯᠦᠭ》 ᠲᠤ ᠳᠤᠰᠬᠠᠭᠳᠠᠭᠰᠠᠨ ᠠᠭ᠋ᠤᠯᠭ᠎ᠠ ᠬᠢᠭᠡᠳ ᠲᠡᠦᠬᠡᠨ ᠪᠤᠳᠠᠳᠤ ᠪᠠᠢᠳᠠᠯ ᠤᠨ ᠬᠤᠭ᠋ᠤᠷᠤᠨᠳᠤᠬᠢ ᠬᠠᠷᠢᠴᠠᠭ᠎ᠠ ᠬᠤᠯᠪᠤᠭ᠎ᠠ ᠶᠢ ᠬᠠᠷᠢᠴᠠᠭ᠋ᠤᠯᠤᠨ ᠰᠤᠳᠤᠯᠵᠤ᠂ 《ᠭᠡᠮᠰᠢᠯ ᠰᠢᠯᠦᠭ》 ᠬᠢᠭᠡᠳ ᠲᠤᠭ᠋ᠤᠨᠲᠡᠮᠡᠷ ᠤᠨ ᠠᠵᠢᠯᠯᠠᠭ᠎ᠠ ᠠᠴᠠ ᠦᠵᠡᠬᠦ ᠳᠦ 《ᠮᠢᠩ ᠦᠨ ᠡᠵᠡᠨ᠎ᠡ ᠬᠠᠷᠢᠭ᠋ᠤᠯᠤᠭᠰᠠᠨ ᠠᠨ᠋ᠤ》 ᠰᠢᠯᠦᠭ ᠪᠤᠯ ᠲᠤᠭ᠋ᠤᠨᠲᠡᠮᠡᠷ ᠦᠨ ᠪᠦᠲᠦᠭᠡᠯ ᠪᠢᠰᠢ ᠭᠡᠵᠦ ᠨᠤᠲᠠᠯᠠᠵᠠᠢ᠃
原文 没有原文
出自 内蒙古民族大学学报(社会科学) 1996年 第2期

联系我们


内蒙古大学图书馆
呼和浩特市大学西路235号
中国·内蒙古
P: (0471) 4992561
E: huangfeilong@imu.edu.cn