摘要 |
ᠲᠤᠰ ᠦᠭᠦᠯᠡᠯ ᠳ᠋ᠤ ᠪᠠᠶᠠᠯᠢᠭ ᠪᠦᠬᠦᠢ ᠲᠡᠦᠬᠡ ᠲᠤᠭᠤᠷᠪᠢᠯ ᠡᠴᠡ ᠪᠠᠷᠢᠮᠲᠠ ᠠᠪᠴᠤ ᠡᠷᠳᠡᠨ ᠤ ᠮᠣᠩᠭᠤᠯᠴᠤᠳ ᠵᠠᠳᠠ ᠪᠠᠷᠢᠬᠤ ᠲᠣᠮ ᠰᠢᠪᠰᠢᠯᠭᠡ ᠵᠢ ᠲᠠᠢᠨ ᠲᠠᠵᠢᠨ᠂ ᠠᠮᠢᠳᠤᠷᠠᠯ ᠦᠢᠯᠡᠳᠪᠦᠷᠢᠯᠡᠯ᠂ ᠠᠶᠠᠨ ᠵᠢᠩ᠂ ᠠᠨᠠᠭᠠᠬᠤ ᠤᠬᠠᠭᠠᠨ ᠳ᠋ᠤ ᠬᠡᠷᠡᠭᠯᠡᠵᠦ ᠪᠠᠢᠭᠰᠠᠨ ᠲᠡᠦᠬᠡ ᠵᠢ ᠦᠬᠦᠯᠡᠵᠦ᠂ ᠲᠤᠮᠳᠠᠳᠤ ᠶᠢᠨ ᠤᠮᠠᠷᠠᠳᠤ ᠶᠢᠨ ᠦᠨᠳᠦᠰᠦᠲᠡᠨ ᠨᠤᠭᠦᠳ ᠤᠨ ᠲᠤᠳᠤᠷ ᠠ ᠡᠴᠡ ᠲᠡᠭᠦᠨ ᠤ ᠢᠷᠡᠯ ᠭᠠᠷᠤᠯ ᠢ ᠬᠠᠢᠵᠤ ᠮᠦᠷᠳᠡᠨ᠂ ᠱᠠᠰᠢᠨ ᠰᠢᠲᠦᠯᠭᠡ ᠶᠢᠨ ᠡᠭᠦᠳᠡᠨ ᠡᠴᠡ ᠪᠠᠰᠠ ᠲᠡᠯᠡᠬᠡᠢ ᠶᠢᠨ ᠪᠣᠰᠤᠳ ᠦᠨᠳᠦᠰᠦᠲᠡᠨ ᠲᠠᠢ ᠬᠠᠷᠢᠴᠠᠭᠤᠯᠤᠨ ᠰᠣᠳᠤᠯᠵᠠᠢ᠃ ᠦᠭᠦᠯᠡᠯ ᠤᠨ ᠡᠴᠦᠰ ᠲᠤ ᠮᠣᠩᠭᠤᠯ ᠣᠷᠤᠨ ᠤ ᠵᠠᠳᠠ ᠪᠠᠷᠢᠬᠤ ᠵᠠᠩ ᠦᠢᠯᠡ ᠶᠢᠨ ᠦᠪᠡᠷᠮᠢᠴᠡ ᠰᠢᠨᠵᠢ ᠵᠢ ᠳ᠋ᠦᠩᠨᠡᠨ᠂ ᠲᠡᠷᠡ ᠨᠢ ᠪᠠᠢᠭᠠᠯᠢ ᠶᠢᠨ ᠰᠢᠨᠵᠢᠯᠡᠬᠦ ᠤᠬᠠᠭᠠᠨ ᠪᠠ ᠨᠡᠢᠭᠡᠮ ᠤᠨ ᠰᠢᠨᠵᠢᠯᠡᠬᠦ ᠤᠬᠠᠭᠠᠨ ᠤ ᠠᠯᠢ ᠠᠯᠢᠨ ᠳ᠋ᠤᠨᠢ ᠴᠦ ᠬᠤᠯᠪᠤᠭᠳᠠᠬᠤ ᠵᠢᠭᠠᠨ ᠭᠠᠷᠠᠭᠠᠪᠠ᠃ |