题名 |
ᠮᠤᠩᠭᠤᠯ ᠡᠸᠦ᠋ᠷᠤᠫᠠ ᠡᠮᠨᠡᠯᠭᠡ ᠢᠢ ᠤᠶᠠᠯᠳᠤᠭᠤᠯᠤᠨ ᠰᠢᠯᠪᠢ ᠢᠢᠨ ᠶᠠᠰᠤᠨ ᠤ ᠬᠤᠭᠤᠷᠠᠯ ᠳᠤ ᠬᠠᠯᠳᠠᠪᠤᠷᠢᠯᠠᠯ ᠲᠠᠪᠬᠤᠴᠠᠭᠰᠠᠨ ᠡᠴᠡ ᠪᠤᠯᠤᠭᠰᠠᠨ ᠦᠯᠦ ᠡᠳᠡᠭᠡᠷᠡᠯᠳᠡ ᠢᠢ ᠵᠠᠰᠠᠭᠰᠠᠨ24 ᠵᠢᠱᠢᠶ ᠡ ᠢᠢᠨ ᠠᠵᠢᠭᠯᠠᠯᠳᠠ |
作者 |
ᠶᠢᠨ ᠰᠦᠸᠸ ᠬᠠᠨ ᠰᠢᠶᠤᠤ ᠮᠸᠢ |
关键词 |
ᠮᠤᠨᠭᠭᠤᠯ ᠡᠮ; ᠶᠠᠰᠤᠨ ᠤ ᠬᠤᠭᠤᠷᠠᠯ; ᠬᠠᠯᠳᠠᠪᠤᠷᠢᠯᠠᠯ; ᠵᠠᠰᠠᠬᠤ ᠠᠷᠭ᠋ ᠡ |
摘要 |
ᠮᠤᠩᠭᠤᠯ ᠡᠸᠦ᠋ᠷᠤᠫᠠ ᠡᠮᠨᠡᠯᠭᠡ ᠢᠢ ᠤᠶᠠᠯᠳᠤᠭᠤᠯᠤᠨ ᠰᠢᠯᠪᠢ ᠢᠢᠨ ᠶᠠᠰᠤᠨ ᠤ ᠬᠤᠭᠤᠷᠠᠯ ᠳᠤ ᠬᠠᠯᠳᠠᠪᠤᠷᠢᠯᠠᠯ ᠲᠠᠪᠬᠤᠴᠠᠭᠰᠠᠨ ᠡᠴᠡ ᠪᠤᠯᠤᠭᠰᠠᠨ ᠦᠯᠦ ᠡᠳᠡᠭᠡᠷᠡᠯᠳᠡ ᠢᠢ ᠵᠠᠰᠠᠵᠤ᠂ ᠲᠡᠬᠦᠨ ᠤ ᠡᠮᠨᠡᠯ ᠤᠨ ᠠᠴᠢ ᠲᠤᠰᠠ ᠢᠢᠨ ᠲᠤᠬᠠᠢ ᠠᠵᠢᠭᠯᠠᠯᠳᠠ ᠬᠢᠪᠡ᠃ ᠵᠠᠰᠠᠯᠭ᠋ ᠡ ᠢᠢᠨ ᠳ᠋ᠦᠨᠭ᠌ ᠳᠤ᠂ ᠭᠠᠳᠠᠷ ᠰᠢᠷᠬᠠᠨ ᠤ ᠡᠳᠡᠭᠡᠷᠡᠭᠰᠡᠨ ᠬᠤᠭᠤᠴᠠᠭ᠋ ᠡ ᠨᠢ 3- 6ᠭᠠᠷᠠᠭ᠂ᠬᠠᠮᠤᠭ ᠤᠬᠤᠷ ᠨᠢ 3 ᠭᠠᠷᠠᠭ᠂ ᠬᠠᠮᠤᠭ ᠤᠷᠳᠤ ᠨᠢ 6ᠭᠠᠷᠠᠭ᠂ ᠲᠡᠭᠰᠢᠳᠬᠡᠭᠡᠳ 28 ᠡᠳᠦᠷ᠃ᠶᠠᠰᠤᠨ ᠤ ᠡᠳᠡᠭᠡᠷᠡᠭᠰᠡᠨ ᠬᠤᠭᠤᠴᠠᠭ᠋ ᠡ ᠨᠢ5-9ᠰᠠᠷ ᠡ᠂ᠲᠡᠭᠰᠢᠳᠬᠡᠭᠡᠳ 6ᠰᠠᠷ ᠡ᠃ ᠵᠠᠰᠠᠯ ᠤᠨ ᠲᠠᠷᠠᠭ᠋ ᠡ ᠡᠳᠡᠭᠡᠷᠡᠯᠳᠡ ᠢᠢ ᠠᠵᠢᠯᠯᠠᠭ᠋ ᠡ ᠢᠢᠨ ᠰᠠᠢᠢᠵᠢᠷᠠᠯᠳᠠ ᠪᠡᠷ ᠨᠢ ᠬᠤᠪᠢᠶᠠᠪᠠᠯ ᠢᠯᠡᠷᠭᠡᠢ ᠲᠤᠰᠠᠯᠠᠭᠰᠠᠨ ᠨᠢ 18 ᠵᠢᠱᠢᠶ ᠡ᠂ᠲᠤᠰᠠᠯᠠᠭᠰᠠᠨ ᠨᠢ 4 ᠵᠢᠱᠢᠶ ᠡ᠂ ᠡᠰᠡ ᠲᠤᠰᠠᠯᠠᠭᠰᠠᠨ ᠨᠢ 2 ᠵᠢᠱᠢᠶ ᠡ᠃ ᠠᠴᠢ ᠲᠤᠰᠠ ᠦᠵᠡᠬᠦᠯᠦᠭᠰᠡᠨ ᠨᠤᠷᠮ ᠡ ᠨᠢ 91.7%᠂ ᠡᠮᠴᠢᠯᠡᠭᠡᠨ ᠤ ᠳ᠋ᠦᠨᠭ᠌ ᠤᠨ ᠬᠠᠷᠠᠭᠤᠯᠤᠭᠰᠠᠨ ᠢᠶᠡᠷ᠂ ᠬᠠᠯᠳᠠᠪᠤᠷᠢᠯᠠᠯ ᠡᠴᠡ ᠪᠤᠯᠤᠭᠰᠠᠨ ᠰᠢᠯᠪᠢ ᠢᠢᠨ ᠶᠠᠰᠤᠨ ᠤ ᠦᠯᠦ ᠡᠳᠡᠭᠡᠷᠡᠯᠳᠡ ᠢᠢ ᠵᠦᠭᠡᠯᠡᠨ ᠨᠡᠭᠡᠳᠡᠰᠦ ᠢᠢᠨ ᠬᠡᠮᠳᠦᠯ ᠢ ᠨᠦᠬᠦᠪᠦᠷᠢᠯᠡᠭᠰᠡᠨ ᠤ ᠲᠠᠷᠠᠭ᠋ ᠡ ᠮᠤᠨᠭᠭᠤᠯ ᠡᠮ ᠪᠠ ᠡᠸᠦ᠋ᠷᠤᠫᠠ ᠡᠮᠨᠡᠯᠭᠡ ᠢᠢᠨ ᠬᠤᠪᠢᠰᠤᠨᠭᠭᠤᠢ ᠵᠠᠳᠠᠯᠤᠯᠳᠠ ᠢᠢᠨ ᠠᠷᠭ᠋ ᠡ ᠪᠡᠷ ᠰᠢᠨᠵᠢᠯᠡᠵᠦ ᠵᠠᠰᠠᠬᠤ ᠨᠢ ᠡᠪᠡᠳᠴᠢᠨ ᠤ ᠶᠠᠪᠤᠴᠠ ᠢᠢ ᠪᠤᠭᠤᠨᠢᠰᠬᠠᠵᠤ᠂ᠰᠢᠷᠬᠠᠨ ᠤ ᠡᠳᠡᠭᠡᠷᠡᠯᠳᠡ ᠢᠢ ᠲᠦᠷᠭᠡᠳᠬᠡᠨ᠂ᠶᠠᠰᠤᠨ ᠤ ᠪᠤᠷᠤᠤ ᠤᠷᠭᠤᠬᠤ ᠢᠢ ᠰᠠᠢᠢᠵᠢᠷᠠᠭᠤᠯᠵᠤ᠂ᠶᠠᠰᠤᠨ ᠤ ᠡᠳᠡᠭᠡᠷᠡᠯᠳᠡ ᠢᠢ ᠠᠬᠢᠭᠤᠯᠵᠤ ᠴᠢᠳᠠᠨ᠌ ᠠ᠃ |
原文 |
查看原文
|
出自 |
内蒙古民族大学学报(蒙医药学)
2008年
第2期
|