摘要 |
ᠲᠠᠢᠴᠢᠩ ᠤᠯᠤᠰ ᠤᠨ ᠲᠦᠷᠦ ᠭᠡᠷᠡᠯᠲᠦ ᠶᠢᠨ ᠠᠷᠪᠠᠨ ᠲᠠᠪᠤᠳᠤᠭᠠᠷ ᠤᠨ(1835 ᠨᠠᠮᠤᠷ᠂ ᠶᠡᠬᠡ ᠭᠤᠪᠢ ᠶᠢᠨ ᠦᠪᠦᠷ ᠲᠤ《ᠲᠠᠢᠶᠤᠸᠠᠨ ᠤᠯᠤᠰ ᠤᠨ ᠰᠣᠳᠤ ᠪᠤᠭᠳᠠ ᠴᠢᠩᠬᠢᠰ ᠬᠠᠭᠠᠨ ᠤ ᠴᠡᠳᠢᠭ ᠢ ᠲᠤᠪᠴᠢᠯᠠᠨ ᠬᠤᠷᠢᠶᠠᠭᠰᠠᠨ ᠰᠤᠪᠤᠳ ᠡᠷᠢᠭᠡ》 ( ᠲᠤᠷᠤᠭᠰᠢ ᠰᠤᠪᠤᠳ ᠡᠷᠢᠭᠡ ᠭᠡᠨ᠎ᠡ) ᠭᠡᠬᠦ ᠨᠢᠭᠡ ᠲᠦᠭᠡᠨ ᠪᠢᠴᠢᠭ ᠤᠷᠳᠤᠰ ᠤᠨ ᠪᠣᠷᠵᠢᠬᠢᠨ ᠤᠪᠤᠭᠲᠤ ᠲᠠᠢᠵᠢ ᠬᠦᠨᠴᠣᠭᠵᠠᠪ ᠤᠨ ᠭᠠᠷ ᠢᠢᠡᠷ ᠲᠤᠭᠤᠷᠪᠢᠭᠳᠠᠭᠰᠠᠨ ᠪᠠᠢᠵᠠᠢ᠃ ᠲᠤᠰ ᠵᠠᠭᠤᠨ ᠤ ᠡᠬᠢ ᠪᠡᠷ ᠤᠯᠭᠴᠢᠨ ᠲᠠᠤᠯᠠᠢ ᠵᠢᠯ(1927)ᠤᠨ ᠲᠦᠷᠪᠡᠨ ᠰᠠᠷ ᠠ ᠳ᠋ᠤ ᠵᠡᠭᠦᠨ ᠮᠣᠩᠭᠤᠯ ᠪᠢᠴᠢᠭ ᠤᠨ ᠬᠤᠷᠢᠶ ᠠ ᠡᠴᠡ 《ᠰᠤᠪᠤᠳ ᠡᠷᠢᠭᠡ》 ᠶᠢᠨ ᠨᠢᠭᠡᠨ ᠬᠠᠭᠤᠯᠪᠤᠷᠢ ᠵᠢ ᠴᠢᠯᠠᠭᠤᠨ ᠪᠡᠷ ᠢᠢᠡᠨ ᠮᠤᠤᠪᠢᠨ ᠴᠠᠭᠠᠰᠤᠨ ᠳ᠋ᠤ ᠲᠠᠷᠤᠮᠯᠠᠵᠤ ᠲᠠᠷᠬᠠᠭᠠᠬᠤ ᠳ᠋ᠠᠭᠠᠨ ᠵᠣᠬᠢᠶᠠᠭᠴᠢ ᠭᠦᠨᠴᠤᠭᠵᠠᠪ ᠤᠨ ᠨᠡᠷ ᠡ ᠵᠢ ᠵᠡᠭᠦᠨ ᠠᠶᠠᠯᠭᠤ ᠪᠡᠷ ᠭᠤᠨᠴᠣᠭᠵᠠᠪ ᠭᠡᠵᠦ ᠪᠢᠴᠢᠭᠰᠡᠨ ᠲᠤᠯᠠ ᠲᠡᠷᠡᠨ ᠨᠢ ᠨᠢᠭᠡᠨ ᠦᠶ ᠡ《ᠭᠤᠨᠴᠣᠭᠵᠠᠪ ᠤᠨ ᠰᠣᠪᠤᠳ ᠡᠷᠢᠬᠡ》ᠭᠡᠬᠦ ᠨᠡᠷ ᠡ ᠪᠡᠷ ᠠᠯᠳᠠᠷᠰᠢᠭᠰᠠᠨ ᠪᠠᠢᠨ᠎ᠠ. |