题名 |
ᠦᠪ ᠰᠤᠶᠤᠯ ᠤᠨ ᠠᠭᠤᠳᠠᠯᠤᠯ᠂ ᠦᠢᠯᠡᠳᠦᠯᠭᠡ ᠤᠨᠤᠯ ᠤᠨ ᠬᠤᠷᠢᠶᠠᠩᠭ᠋ᠤᠢ᠌ᠢᠯᠠᠯ — ᠪᠠᠢ ᠪᠦᠭᠡ ᠶᠢᠨ 《 ᠮᠣᠩᠭᠣᠯ ᠤᠷᠠᠨ ᠪᠢᠴᠢᠯᠭᠡ ᠶᠢᠨ ᠬᠦᠭ᠍ᠵ᠍ᠢᠯ ᠤᠨ ᠲᠡᠦᠬᠡ》 ᠶᠢᠨ ᠲᠤᠬᠠᠢ ᠰᠢᠭᠦᠮᠵᠢ |
作者 |
ᠰ᠂ ᠤᠳᠬᠤᠨᠪᠠᠶᠠᠷ |
关键词 |
ᠮᠣᠩᠭᠣᠯ ᠤᠷᠠᠨ ᠪᠢᠴᠢᠯᠭᠡ; ᠦᠪ ᠰᠤᠶᠤᠯ; ᠤᠨᠤᠯ ᠦᠢᠯᠡᠳᠦᠯᠭᠡ ᠶᠢᠨ ᠬᠤᠷᠢᠶᠠᠩᠭ᠋ᠤᠢ᠌ᠯᠠᠯ |
摘要 |
ᠤᠷᠠᠨ ᠪᠢᠴᠢᠯᠭᠡ ᠶᠢᠨ ᠫᠷᠦᠹᠸᠰᠰᠦᠷ ᠪᠠᠢ ᠪᠦᠭᠡ ᠶᠢᠨ ᠤᠷᠴᠢᠮ ᠳᠤ ᠬᠡᠪᠯᠡᠯᠭᠦᠯᠦᠭᠰᠡᠨ《ᠮᠣᠩᠭᠣᠯ ᠤᠷᠠᠨ ᠪᠢᠴᠢᠯᠭᠡ ᠶᠢᠨ ᠬᠦᠭ᠍ᠵ᠍ᠢᠯ ᠤᠨ ᠲᠡᠦᠬᠡ》ᠨᠤᠮ ᠳᠤ ᠮᠣᠩᠭᠣᠯ ᠤᠷᠠᠨ ᠪᠢᠴᠢᠯᠭᠡ ᠶᠢᠨ ᠡᠭᠦᠰᠦᠯ ᠬᠦᠭ᠍ᠵᠢᠯ᠂ ᠤᠯᠠᠷᠢᠯ ᠬᠤᠪᠢᠷᠠᠯ᠂ ᠤᠨᠴᠠᠯᠢᠭ ᠰᠢᠨᠵᠢ᠂ ᠤᠷᠤᠰᠬᠠᠯ ᠪᠦᠯᠦᠭ ᠵᠡᠷᠭᠡᠰ ᠢ ᠱᠤᠮᠲᠠᠢ ᠠᠵᠢᠭᠯᠠᠨ ᠰᠢᠨᠵᠢᠯᠡᠵᠤ ᠂ ᠲᠡᠭᠦᠨ ᠦ ᠬᠦᠭ᠍ᠵᠢᠯ ᠤᠨ ᠵᠢᠮ᠎ᠡ ᠬᠠᠤᠯᠢ ᠂ ᠭᠤᠤ ᠠ ᠰᠠᠢ᠌ᠬᠠᠨ ᠦ ᠦᠨ᠎ᠡ ᠦᠷᠳᠡᠭ ᠢ ᠰᠢᠨᠵᠢᠡᠯᠬᠦ ᠤᠬᠠᠭᠠᠨᠴᠢ ᠪᠡᠷ ᠳ᠋ᠦᠩᠨᠡᠨ ᠢᠯᠡᠷᠡᠭᠦᠯᠬᠦ ᠶᠢ ᠬᠢᠴᠢᠶᠡᠵᠡᠢ᠃ ᠳᠤᠰ ᠦᠭᠦᠯᠡᠯ ᠳᠤ 《ᠮᠣᠩᠭᠣᠯ ᠤᠷᠠᠨ ᠪᠢᠴᠢᠯᠭᠡ ᠶᠢᠨ ᠬᠦᠭ᠍ᠵ᠍ᠢᠯ ᠤᠨ ᠲᠡᠦᠬᠡ》ᠨᠤᠮ ᠤᠨ ᠰᠤᠳᠤᠯᠭᠠᠨ ᠦ ᠠᠷᠭ᠎ᠠ ᠪᠠᠷᠢᠯ ᠂ ᠨᠤᠮ ᠤᠨ ᠪᠦᠳᠦᠴᠡ ᠰᠢᠰᠲ᠋ᠸᠮ᠂ ᠦᠭᠦᠯᠡᠮᠵᠢ ᠶᠢᠨ ᠵᠤᠬᠢᠶᠠᠮᠵᠢ ᠲᠤᠬᠢᠷᠠᠭᠤᠯᠭ᠎ᠠ᠂ ᠤᠯᠤᠭᠰᠠᠨ ᠦᠷ ᠡ ᠪᠦᠳᠦᠮᠵᠢ ᠵᠡᠷᠭᠡ ᠶᠢ ᠰᠢᠭᠦᠮᠵᠢᠯᠡᠨ ᠦᠭᠦᠯᠡᠬᠦ ᠪᠡᠷ ᠳᠠᠮᠵᠢᠵᠤ᠂ ᠳᠤᠰ ᠨᠤᠮ ᠤᠨ ᠮᠣᠩᠭᠣᠯ ᠤᠷᠠᠨ ᠪᠢᠴᠢᠯᠭᠡ ᠶᠢᠨ ᠬᠦᠭ᠍ᠵᠢᠯ ᠤᠨ ᠲᠡᠦᠬᠡ ᠶᠢ ᠤᠨᠤᠯ ᠦᠢᠯᠡᠳᠦᠯᠭᠡ ᠶᠢᠨ ᠲᠠᠯ ᠠ ᠡᠴᠡ ᠬᠤᠷᠢᠶᠠᠩᠭ᠋ᠤᠢ᠌ᠯᠠᠨ ᠬᠠᠮᠤᠭ ᠠᠩᠬᠠᠨ ᠦ ᠨᠤᠮ ᠪᠤᠯᠤᠭᠰᠠᠨ ᠦ ᠬᠤᠪᠢ ᠳᠤ ᠂ ᠲᠠᠷᠡ ᠨᠢ ᠮᠠᠲ᠋ᠸᠷᠢᠶᠠᠯ ᠤᠨ᠂ ᠤᠷᠠᠯᠢᠭ ᠤᠨ ᠂ ᠡᠷᠳᠡᠮ ᠰᠢᠨᠵᠢᠯᠡᠭᠡᠨ ᠦ ᠦᠨ᠎ᠡ ᠦᠷᠳᠡᠭ ᠶᠢᠨᠷ ᠶᠢᠨᠨ ᠪᠦᠭᠦᠢ᠌ᠯᠡ ᠮᠣᠩᠭᠣᠯ ᠤᠷᠠᠨ ᠪᠢᠴᠢᠯᠭᠡ ᠶᠢᠨ ᠰᠤᠳᠤᠯᠤᠯ ᠳᠤ ᠬᠦᠨᠳᠦ ᠲᠠᠢ ᠪᠠᠢ᠌ᠷᠢ ᠶᠢ ᠡᠵᠡᠯᠡᠬᠦ ᠶᠤᠰᠤᠲᠠᠢ ᠭᠡᠬᠦ ᠳ᠋ᠦᠩ ᠢ ᠤᠳᠤᠷᠢᠳᠤᠨ ᠭᠠᠷᠭᠠᠵᠠᠢ ᠃ |
原文 |
查看原文
|
出自 |
内蒙古师范大学学报
2007年
第2期
|