题名 |
ᠮᠤᠩᠭ᠋ᠤᠯ ᠢᠷᠤᠭᠡᠯ ᠤᠨ ᠬᠢᠳᠡᠳ ᠤᠷᠴᠢᠭᠤᠯᠭ᠎ᠠ ᠵᠢ ᠨᠦᠯᠦᠭᠡᠯᠡᠭᠰᠡᠨ ᠰᠤᠶᠤᠯ ᠤᠨ ᠡᠯᠧᠮᠸᠨ᠋ᠲ ᠵᠢ ᠰᠢᠨᠵᠢᠯᠡᠬᠦ ᠨᠢ |
作者 |
ᠸᠠᠩ ᠯᠢ ᠬᠤᠧᠠ |
关键词 |
ᠮᠤᠩᠭ᠋ᠤᠯ ᠢᠷᠤᠭᠡᠯ; ᠬᠢᠳᠠᠳᠴᠢᠯᠠᠭᠠ; ᠨᠦᠯᠦᠭᠡᠯᠡᠬᠦ ᠡᠯᠧᠮᠸ᠋ᠨ᠋ᠲ |
摘要 |
ᠬᠤᠶᠠᠷ ᠬᠡᠯᠡᠨ ᠤ ᠬᠤᠭᠤᠷᠤᠨᠳᠤᠬᠢ ᠤᠷᠴᠢᠭᠤᠯᠭ᠎ᠠ ᠪᠤᠯ ᠭᠠᠭᠴᠠ ᠦᠰᠦᠭ ᠪᠢᠴᠢᠭ᠌ ᠪᠠ ᠴᠡᠭ ᠲᠠᠮᠳᠡᠭ ᠤᠨ ᠲᠦᠭᠦᠮ ᠬᠤᠪᠢᠷᠠᠯᠳᠠ ᠪᠢᠰᠢ᠂ ᠬᠠᠷᠢᠨ ᠠᠳᠠᠯᠢ ᠪᠤᠰᠤ ᠦᠨᠳᠤᠰᠤᠳᠡᠨ ᠤ ᠰᠤᠶᠤᠯ ᠢ ᠨᠢᠭᠡ ᠬᠡᠯᠡᠨ ᠡᠴᠨ ᠨᠦᠬᠦᠭᠡ ᠬᠡᠯᠡᠨ ᠳᠤ ᠤᠷᠴᠢᠭᠤᠯᠵᠦ ᠪᠠᠢ᠋ᠭ᠎ᠠ ᠶᠠᠪᠤᠳᠠᠯ ᠪᠤᠯᠤᠨ᠎ᠠ᠃ ᠢᠷᠤᠭᠡᠯ ᠨᠢ ᠮᠤᠩᠭ᠋ᠤᠯ ᠤᠷᠠᠨ ᠵᠤᠬᠢᠶᠠᠯ ᠤᠨ ᠴᠢᠬᠤᠯᠠ ᠪᠦᠷᠢᠯᠳᠤᠬᠦᠨ ᠬᠡᠰᠡᠭ ᠪᠦᠭᠡᠳ ᠮᠦᠨ ᠴᠦ ᠮᠤᠩᠭ᠋ᠤᠯ ᠦᠨᠳᠤᠰᠤᠳᠡᠨ ᠤ ᠡᠷᠳᠡᠨ ᠤ ᠰᠤᠶᠤᠯ ᠤᠨ ᠦᠪ ᠬᠦᠷᠦᠩᠭᠡ ᠪᠤᠯᠤᠭᠰᠠᠨ ᠶᠢᠡᠷ ᠶᠢᠡᠨ ᠲᠡᠬᠦᠨ ᠤ ᠬᠢᠳᠡᠳ ᠤᠷᠴᠢᠭᠤᠯᠭ᠎ᠠ ᠨᠢ ᠮᠤᠩᠭ᠋ᠤᠯ ᠬᠢᠳᠡᠳ ᠬᠤᠶᠠᠷ ᠦᠨᠳᠤᠰᠤᠳᠡᠨ ᠤ ᠦᠭᠡ ᠬᠡᠯᠡ᠂ ᠰᠤᠶᠤᠯ᠂ ᠭᠤᠤ᠎ᠠ ᠲᠠᠭᠠᠰᠢᠶᠠᠯ᠂ ᠱᠠᠰᠢᠨ ᠰᠢᠳᠤᠯᠭᠡ ᠵᠠᠷᠭᠡ ᠤᠯᠠᠨ ᠵᠤᠢ᠋ᠯ ᠤᠨ ᠡᠯᠸᠮᠸᠨ᠋ᠲ ᠤᠨ ᠨᠦᠯᠦᠭᠡ ᠵᠢ ᠬᠦᠷᠳᠡᠵᠦ ᠪᠠᠢ᠋ᠳᠠᠭ᠃ ᠦᠬᠦᠯᠡᠯ ᠳᠤ ᠮᠤᠩᠭ᠋ᠤᠯ ᠢᠷᠤᠭᠡᠯ ᠤᠨ ᠬᠢᠳᠡᠳ ᠤᠷᠴᠢᠭᠤᠯᠭ᠎ᠠ ᠳᠤ ᠬᠢ ᠤᠭ ᠬᠡᠯᠡᠨ ᠤ ᠰᠤᠶᠤᠯ ᠤᠨ ᠨᠦᠯᠦᠭᠡ ᠲᠤᠰᠬᠠᠯ᠂ ᠤᠷᠴᠢᠭᠤᠯᠬᠤ ᠬᠡᠯᠡᠨ ᠤ ᠰᠤᠶᠤᠯ ᠤᠨ ᠮᠤᠩᠭ᠋ᠤᠯ ᠢᠷᠤᠭᠡᠯ ᠤᠨ ᠬᠢᠳᠠᠳᠴᠢᠯᠠᠬᠤ ᠳᠤ ᠦᠵᠡᠬᠦᠯᠦᠭᠰᠡᠨ ᠨᠦᠯᠦᠭᠡ ᠵᠢ ᠤᠷᠴᠢᠭᠤᠯᠭ᠎ᠠ ᠶᠢᠨ ᠦᠢᠯᠡᠳᠤᠯᠭᠡ ᠲᠠᠢ ᠤᠶᠠᠯᠳᠤᠭᠤᠯᠤᠨ᠂ ᠮᠤᠩᠭ᠋ᠤᠯ ᠢᠷᠤᠭᠡᠯ ᠤᠨ ᠬᠢᠳᠡᠳ ᠤᠷᠴᠢᠭᠤᠯᠭ᠎ᠠ ᠵᠢ ᠨᠦᠯᠦᠭᠡᠯᠡᠬᠦ ᠰᠤᠶᠤᠯ ᠤᠨ ᠡᠯᠸᠯᠸ᠋ᠨ᠋ᠲ ᠵᠢ ᠲᠦᠭᠦᠮ ᠰᠢᠨᠵᠢᠯᠡᠬᠦ ᠪᠤᠯᠤᠭᠰᠠᠠ ᠪᠤᠯᠤᠨ᠎ᠠ᠃ |
原文 |
没有原文
|
出自 |
内蒙古民族大学学报(社会科学)
2016年
第4期
|