摘要 |
ᠲᠤᠰ ᠦᠭᠦᠯᠡᠯ ᠳᠦ ᠠᠵᠤ ᠠᠬᠤᠢ ᠶᠢᠨ ᠤᠬᠠᠭᠠᠨ ᠤ ᠡᠭᠦᠳᠡᠨ ᠡᠴᠡ 《ᠮᠣᠩ᠋ᠭᠤᠯ ᠤᠨ ᠨᠢᠭᠤᠴᠠ ᠲᠤᠪᠴᠢᠶᠠᠨ》᠋ ᠳᠠᠬᠢ ᠶᠠᠳᠠᠭᠤ ᠪᠠᠶᠠᠨ ᠬᠡᠮᠡᠬᠦ ᠤᠬᠠᠭᠳᠠᠬᠤᠨ ᠢ ᠵᠠᠳᠠᠯᠤᠨ ᠰᠢᠨᠵᠢᠯᠡᠬᠦ ᠪᠡᠷ ᠳᠠᠮᠵᠢᠨ᠂ ᠡᠷᠲᠡᠨ ᠦ ᠮᠣᠩ᠋ᠭᠤᠯᠴᠤᠳ ᠤᠨ ᠡᠳ᠋ ᠪᠠᠶᠠᠯᠢᠭ ᠤᠨ ᠲᠤᠬᠠᠢ ᠦᠵᠡᠯᠲᠡ ᠵᠢᠴᠢ ᠡᠳ᠋ ᠪᠠᠶᠠᠯᠢᠭ ᠤᠨ ᠬᠤᠪᠢᠶᠠᠷᠢᠯᠠᠯᠲᠠ ᠶᠢᠨ ᠪᠠᠢ᠌ᠳᠠᠯ ᠢ ᠦᠭᠦᠯᠡᠨ ᠲᠤᠳᠤᠷᠬᠠᠢ᠌ᠯᠠᠪᠠ᠃ 《ᠮᠣᠩ᠋ᠭᠤᠯ ᠤᠨ ᠨᠢᠭᠤᠴᠠ ᠲᠤᠪᠴᠢᠶᠠᠨ》᠋ ᠤ ᠲᠡᠮᠳᠡᠭᠯᠡᠯ ᠡᠴᠡ ᠦᠵᠡᠪᠡᠯ᠂ ᠡᠷᠲᠡᠨ ᠦ ᠮᠣᠩ᠋ᠭᠤᠯᠴᠤᠳ ᠤᠨ ᠡᠳ᠋ ᠪᠠᠶᠠᠯᠢᠭ ᠤᠨ ᠪᠤᠳᠠᠰ ᠤᠨ ᠠᠭᠤᠯᠭ᠎ᠠ ᠳᠤ ᠠᠳᠤᠭᠤ ᠮᠠᠯ᠂ ᠠᠯᠪᠠᠲᠤ ᠵᠠᠷᠤᠴᠠ᠂ ᠠᠪᠠᠭᠠᠢ ᠡᠬᠡᠨᠠᠷ ᠵᠡᠷᠭᠡ ᠶᠢ ᠪᠠᠭᠲᠠᠭᠠᠵᠤ ᠪᠠᠢ᠌ᠵᠠᠢ᠃ ᠡᠳᠡᠭᠡᠷ ᠲᠡᠬᠢ ᠡᠵᠡᠮᠰᠢᠯ ᠪᠤᠯᠤᠨ ᠬᠤᠪᠢᠶᠠᠷᠢᠯᠠᠯᠲᠠ ᠶᠢᠨ ᠲᠡᠭᠰᠢ ᠪᠤᠰᠤ ᠪᠠᠢ᠌ᠳᠠᠯ ᠨᠢ ᠦᠭᠦᠯᠡᠨ ᠪᠤᠢ ᠦᠶ᠎ᠡ ᠶᠢᠨ ᠶᠠᠳᠠᠭᠤ ᠪᠠᠶᠠᠨ ᠤ ᠵᠦᠷᠢᠶ᠎ᠡ ᠵᠢᠴᠢ ᠨᠡᠢ᠌ᠭᠡᠮ ᠦᠨ ᠬᠦᠭ᠍ᠵᠢᠯᠲᠡ ᠶᠢᠨ ᠬᠢᠷᠢ ᠭᠡᠮ ᠢ ᠬᠠᠷᠠᠭᠤᠯᠤᠭᠰᠠᠨ ᠪᠠᠢ᠌ᠨ᠎ᠠ᠃ |