题名 |
ᠮᠠᠨ ᠤ ᠤᠯᠤᠰ ᠤᠨ ᠰᠢᠬᠦᠬᠦ ᠲᠢᠩᠬᠢᠮ ᠤᠨ ᠣᠷᠴᠭᠤᠯᠭᠠ ᠶᠢᠨ ᠵᠣᠬᠢᠶᠠᠮᠵᠢ ᠶᠢᠨ ᠲᠣᠬᠠᠢ |
作者 |
ᠵᠢᠨ᠂ᠠᠯᠲᠠᠨᠰᠦ᠋ᠬᠡ |
关键词 |
ᠰᠢᠭᠦᠭᠦ ᠲᠢᠩᠬᠢᠮ ᠤᠨ ᠣᠷᠴᠢᠭᠤᠯᠭ᠎ᠠ; ᠲᠦᠪ ᠭᠤᠤᠯᠴᠢ ᠪᠡᠷ ᠬᠠᠤᠯᠢ ᠪᠠᠷᠢᠬᠤ; ᠵᠠᠷᠭᠤ ᠶᠢᠨ ᠡᠷᠬᠡ ᠲᠡᠭᠰᠢ |
摘要 |
ᠲᠦᠪ ᠭᠤᠤᠯᠴᠢ ᠪᠡᠷ ᠬᠠᠤᠯᠢ ᠪᠠᠷᠢᠬᠤ ᠪᠣᠯ ᠲᠡᠯᠡᠬᠡᠢ ᠶᠢᠨ ᠤᠯᠠᠨ ᠤᠯᠤᠰ ᠤᠨ ᠬᠤᠯᠢ ᠪᠠᠷᠢᠯᠲᠡ ᠶᠢᠨ ᠦᠭᠡᠷᠡᠴᠢᠯᠡᠯᠲᠡ ᠪᠠ ᠦᠢᠯᠡᠳᠦᠯᠭᠡ ᠶᠢᠨ ᠬᠠᠮᠤᠭ ᠲᠤᠯᠳᠠᠭᠰᠠᠨ ᠬᠠᠷᠠᠯᠲᠠ ᠮᠦᠨ᠃ ᠡᠭᠦᠨ ᠳ᠋ᠤ᠂ ᠬᠡᠯᠡᠨ ᠤ ᠡᠷᠬᠡ ᠲᠡᠭᠰᠢ ᠨᠢ ᠬᠠᠤᠯᠢ ᠪᠠᠷᠢᠯᠲᠡ ᠶᠢᠨ ᠭᠤᠤᠯᠴᠢ ᠡᠰᠡᠬᠦ ᠶᠢᠨ ᠢᠯᠡᠷᠡᠯ ᠪᠦᠭᠡᠳ ᠦᠨᠳᠦᠰᠨ ᠪᠠᠲᠤᠯᠠᠭ ᠮᠦᠨ᠃ ᠬᠠᠤᠯᠢ ᠶᠢᠨ ᠤᠬᠠᠭᠠᠨ ᠤ ᠡᠭᠦᠳᠡᠨ ᠡᠴᠡ ᠠᠪᠲᠤ ᠦᠵᠡᠪᠡᠯ᠂ ᠲᠣᠬᠠᠢ ᠶᠢᠨ ᠬᠦᠮᠦᠨ ᠡᠴᠡ ᠰᠢᠭᠦᠭᠦ ᠲᠢᠩᠬᠢᠮ ᠳ᠋ᠤ ᠣᠷᠴᠢᠭᠤᠯᠤᠭᠴᠢ ᠬᠠᠩᠭᠠᠬᠤ ᠵᠢ ᠱᠠᠭᠠᠷᠲᠠᠬᠤ ᠨᠢ ᠲᠡᠭᠦᠨ ᠤ ᠰᠢᠭᠦᠯᠲᠡ ᠶᠢᠨ ᠡᠷᠭᠡ ᠲᠡᠭᠰᠢ ᠪᠠᠢᠬᠤ ᠵᠢ ᠪᠠᠲᠤᠯᠬᠠᠤ ᠶᠢᠨ ᠦᠨᠳᠦᠰᠦᠨ ᠨᠦᠬᠦᠴᠡᠯ ᠮᠦᠷᠲᠡᠭᠡᠨ ᠵᠠᠷᠭᠤ ᠶᠢᠨ ᠡᠷᠬᠡ ᠮᠦᠨ᠃ ᠣᠳᠤᠬᠠᠨ ᠳ᠋ᠤ ᠡᠨᠡ ᠬᠦ ᠰᠢᠨᠵᠢᠯᠡᠭᠡᠨ ᠤ ᠦᠢᠯᠡᠰ ᠨᠢ ᠮᠠᠨ ᠤ ᠤᠯᠤᠰ ᠲᠤ ᠬᠠᠷᠠᠬᠠᠨ ᠬᠦᠨᠳᠦᠳᠭᠡᠭᠡ ᠦᠭᠡᠢ ᠪᠠᠢᠵᠤ᠂ ᠬᠠᠤᠯᠢ ᠲᠤᠭᠲᠠᠭᠠᠯᠲᠠ ᠪᠠ ᠬᠠᠤᠯᠢ ᠪᠠᠷᠢᠯᠲᠠ ᠶᠢᠨ ᠦᠢᠯᠡᠳᠦᠯᠭᠡ ᠡᠴᠡ ᠠᠪᠴᠤ ᠬᠡᠯᠡᠭᠰᠡᠨ ᠴᠦ ᠰᠢᠭᠦᠭᠦ ᠲᠢᠩᠬᠢᠮ ᠤᠨ ᠣᠷᠴᠢᠭᠤᠯᠭ᠎ᠠ ᠨᠢᠮᠠᠨ ᠤ ᠤᠯᠤᠰ ᠲᠤ ᠬᠠᠷᠠᠬᠠᠨ ᠡᠬᠢᠯᠡᠯᠲᠠ ᠶᠢᠨ ᠱᠠᠲᠤᠨ ᠳ᠋ᠠᠭᠠᠨ ᠪᠠᠢᠨ᠎ᠠ᠃ ᠡᠢᠮᠦ ᠡᠴᠡ ᠬᠠᠤᠯᠢ ᠲᠤᠭᠲᠠᠭᠠᠬᠤ᠂ ᠬᠠᠤᠯᠢ ᠪᠠᠷᠢᠬᠤ ᠪᠠ ᠠᠵᠢᠯ ᠲᠦᠷᠦᠯ ᠤᠨ ᠬᠠᠮᠢᠶᠠᠷᠤᠯᠲᠠ ᠶᠢᠨ ᠡᠭᠦᠳᠡᠨ ᠡᠴᠡ ᠲᠡᠭᠦᠨ ᠤ ᠵᠣᠬᠢᠴᠠᠮᠵᠢ ᠵᠢ ᠪᠠᠢᠭᠤᠯᠤᠨ ᠲᠤᠤᠱᠯᠠᠭᠤᠯᠬᠤ ᠨᠢ ᠲᠤᠯᠭᠠᠮ᠎ᠠ ᠠ ᠠᠰᠠᠭᠤᠳᠠᠯ ᠪᠣᠯᠤᠭᠠᠳ ᠪᠠᠢᠨ᠎ᠠ᠃ |
原文 |
查看原文
|
出自 |
内蒙古师范大学学报
2011年
第4期
|