摘要 |
ᠪᠠᠷᠭᠤᠴᠤᠳ ᠣᠷᠤᠰ ᠲᠤ ᠣᠷᠭᠤᠭᠰᠠᠨ ᠤᠴᠢᠷ ᠭᠡᠳᠡᠭ ᠨᠢ ᠬᠠᠯᠬ ᠠ ᠶᠢᠨ ᠰᠡᠴᠡᠨ ᠬᠠᠨ ᠠᠢᠢᠮᠠᠭ ᠤᠨ ᠪᠠᠢᠢᠰᠠ ᠶᠠᠨᠴᠠᠪᠳᠣᠷᠵᠢ ᠤᠨ ᠬᠤᠰᠢᠭᠤ᠂ ᠱᠠᠭᠳᠠᠷᠵᠠᠪ ᠤᠨ ᠬᠠᠷᠢᠶᠠᠲᠤ ᠪᠠᠷᠭᠤᠴᠤᠳ᠂ ᠤᠤᠯ ᠤᠨ ᠵᠠᠰᠠᠭ ᠲᠠᠢᠢᠵᠢ ᠬᠡᠮᠫᠢᠯ ᠤᠨ ᠬᠤᠰᠢᠭᠤᠨ ᠤ ᠬᠠᠷᠢᠶᠠᠳᠤ ᠣᠷᠤᠰ ᠲᠤ ᠣᠷᠭᠤᠭᠰᠠᠨ ᠤᠴᠢᠷ ᠢ ᠵᠢᠭᠠᠵᠤ ᠪᠠᠢᠢᠨ᠌ ᠠ᠃ ᠲᠤᠰ ᠵᠣᠬᠢᠶᠠᠯ ᠳᠤ ᠲᠤᠮᠳᠠᠳᠤ ᠤᠯᠤᠰ ᠤᠨ ᠨᠢᠭᠡᠳᠦᠭᠡᠷ ᠲᠡᠦᠬᠡ ᠶᠢᠨ ᠠᠷᠬᠢᠪ ᠲᠤ ᠬᠠᠳᠠᠭᠠᠯᠠᠭᠳᠠᠵᠤ ᠪᠠᠢᠢᠬ᠋ ᠠ 《ᠴᠡᠷᠢᠭ ᠤᠨ ᠵᠣᠭᠠᠨ ᠤ ᠮᠠᠨᠵᠤ ᠪᠡᠷ ᠲᠡᠮᠳᠡᠭᠯᠡᠭᠳᠡᠭᠰᠡᠨ ᠠᠢᠢᠯᠠᠳᠬᠠᠯ ᠤᠨ ᠲᠡᠳ᠋ ᠲᠡᠪᠲᠡᠷ》ᠬᠢᠭᠡᠳᠮᠦᠨ ᠲᠤᠰ ᠠᠷᠬᠢᠪ ᠡᠴᠡ ᠣᠷᠴᠢᠭᠤᠯᠵᠤ ᠨᠠᠢᠢᠷᠠᠭᠤᠯᠤᠭᠰᠠᠨ《ᠨᠠᠢᠢᠷᠠᠯᠲᠦ ᠲᠦᠪ ᠬᠠᠭᠠᠨ ᠤ ᠦᠶ ᠡ ᠶᠢᠨ ᠮᠠᠵᠤ ᠦᠰᠦᠭ ᠤᠨ ᠰᠢᠩᠬᠤᠨ ᠪᠢᠷ ᠵᠢᠡᠷ ᠴᠣᠬᠤᠯᠤᠭᠰᠠᠨ ᠠᠢᠢᠯᠠᠳᠬᠠᠯ ᠤᠨ ᠪᠦᠷᠢᠨ ᠣᠷᠴᠢᠭᠤᠯᠭ᠋ ᠠ》 ᠵᠢ ᠦᠨᠳᠦᠰᠦᠯᠡᠵᠦ᠂ ᠨᠡᠢᠢᠷᠠᠯᠲᠤ ᠲᠦᠪ ᠤᠨ ᠬᠤᠭᠤᠴᠠᠭᠠᠨ ᠳ᠋ᠤ ᠪᠠᠷᠭᠤᠴᠤᠳ ᠣᠷᠤᠰ ᠲᠤ ᠣᠷᠭᠤᠭᠰᠠᠨ ᠬᠡᠷᠡᠭ ᠤᠴᠢᠷ ᠤᠨ ᠰᠢᠯᠲᠠᠭᠠᠨ᠂ ᠣᠷᠭᠤᠭᠰᠠᠨ ᠣᠷᠦᠬᠡ ᠶᠢᠨ ᠲᠣᠭ᠋ ᠠ᠂ ᠣᠷᠭᠤᠭᠰᠠᠳ ᠤᠨ ᠬᠤᠰᠢᠭᠤᠨ ᠤ ᠬᠠᠷᠢᠶ ᠠ ᠵᠡᠷᠭᠡ ᠠᠰᠠᠭᠤᠳᠠᠯ ᠢ ᠰᠦᠪᠡᠭᠴᠢᠯᠠᠨ ᠰᠢᠨᠵᠢᠯᠡᠭᠡᠳ ᠴᠢᠳᠠᠬᠤ ᠶᠢᠨ ᠬᠢᠷᠢ ᠳ᠋ᠤ ᠲᠡᠦᠬᠡ ᠶᠢᠨ ᠤᠭ ᠲᠦᠷᠦ ᠵᠢ ᠨᠢ ᠲᠡᠬᠢᠨ ᠢᠯᠡᠷᠡᠭᠦᠯᠬᠦ ᠪᠡᠷ ᠴᠢᠷᠮᠠᠢᠢᠪᠠ᠃ |