摘要 |
ᠢᠨᠵᠠᠨᠨᠠᠰᠢ ᠪᠣᠯ ᠮᠣᠩᠭᠤᠯ ᠦᠨᠳᠦᠰᠦᠲᠡᠨ ᠤ ᠠᠷᠪᠠ ᠶᠦᠰᠦᠳᠦᠭᠡᠷ ᠵᠠᠭᠤᠨ ᠤ ᠲᠤᠮᠳᠠᠴᠢ ᠰᠡᠭᠦᠯ ᠤᠨ ᠦᠶ ᠡ ᠳ᠋ᠡᠬᠢ ᠶᠡᠬᠡ ᠵᠣᠬᠢᠶᠠᠯᠴᠢ ᠪᠦᠭᠡᠳ ᠶᠡᠬᠡ ᠪᠣᠳᠤᠯᠭᠠᠲᠠᠨ ᠶᠣᠮ᠃ ᠮᠣᠩᠭᠤᠯ ᠦᠨᠳᠦᠰᠦᠲᠡᠨ ᠤ ᠡᠨᠡᠬᠦ ᠶᠡᠬᠡ ᠵᠤᠬᠢᠶᠠᠯᠴᠢ ᠪᠦᠭᠡᠳ ᠶᠡᠬᠡ ᠪᠣᠳᠤᠯᠭᠠᠳᠠᠨ ᠤ ᠪᠤᠢ ᠪᠣᠯᠤᠭᠰᠠᠨ ᠨᠢ ᠭᠡᠨᠡᠳᠳᠡ ᠶᠢᠨ ᠶᠠᠪᠤᠳᠠᠯ ᠤᠭᠲᠤ ᠪᠢᠰᠢ ᠶᠣᠮ᠃ ᠤᠯᠠᠨ ᠤ ᠶᠡᠷᠦ ᠶᠢᠨ ᠮᠡᠳᠡᠯᠭᠡ ᠳ᠋ᠦ ᠮᠡᠳᠡᠵᠦ ᠪᠠᠢᠬᠤ ᠪᠡᠷ᠂ ᠬᠦᠮᠦᠨ ᠲᠦᠷᠦᠯᠬᠢᠲᠡᠨ ᠤ ᠦᠢᠯᠡ ᠠᠵᠢᠯᠯᠠᠭ᠎ᠠ ᠢᠯᠠᠩᠭᠤᠶ ᠠ ᠬᠦᠮᠦᠨ ᠲᠦᠷᠦᠯᠬᠢᠲᠡᠨ ᠤ ᠨᠡᠢᠭᠡᠮ ᠤᠨ ᠬᠦᠨᠳᠦ ᠴᠢᠬᠤᠯᠠ ᠬᠡᠷᠡᠭ ᠤᠴᠢᠷ ᠲᠦ ᠬᠠᠮᠢᠶ ᠠ ᠪᠦᠬᠦᠢ ᠦᠢᠯᠡ ᠬᠦᠳᠡᠯᠭᠡᠭᠡᠨ ᠪᠣᠯᠤᠨ ᠤᠷᠴᠢᠨ ᠲᠤᠭᠤᠷᠢᠨ ᠳ᠋ᠤ ᠰᠠᠶᠢ ᠨᠡᠢᠭᠡᠮ ᠤᠨ ᠬᠡᠷᠡᠭᠴᠡᠭᠡ ᠳ᠋ᠦ ᠲᠣᠬᠢᠷᠠᠭᠰᠠᠨ ᠠᠯᠳᠠᠷᠲᠦ ᠬᠦᠮᠦᠰ ᠲᠦᠷᠦᠨ ᠭᠠᠷᠳᠠᠭ ᠪᠠᠢᠯ᠎ᠠ᠃ ᠶᠠᠮᠠᠷ ᠨᠢᠭᠡᠨ ᠴᠠᠠᠭ ᠦᠶ ᠡ ᠳ᠋ᠤ ᠨᠡᠢᠭᠡᠮ ᠤᠨ ᠬᠦᠭᠵᠢᠯᠲᠡ ᠨᠢ ᠶᠡᠷᠦᠩᠬᠡᠢ ᠴᠢᠳᠠᠪᠤᠷᠢ ᠲᠠᠢ ᠬᠦᠮᠦᠨ ᠪᠣᠶᠤ ᠶᠠᠮᠠᠷ ᠨᠢᠭᠡᠨ ᠲᠠᠯ ᠠ ᠶᠢᠨ ᠴᠢᠳᠠᠪᠤᠷᠢᠲᠠᠨ ᠢ ᠭᠡᠷᠡᠭᠰᠡᠬᠦ ᠦᠶ ᠡ ᠳ᠋ᠤ᠂ ᠦᠭᠡᠷ ᠡ ᠪᠡᠷ ᠬᠡᠯᠡᠪᠡᠯ ᠠᠷᠠᠳ ᠲᠦᠮᠡᠨ ᠤ ᠪᠦᠬᠦᠯᠡ ᠦᠢᠯᠡ ᠬᠦᠳᠡᠯᠭᠡᠭᠡᠨ ᠨᠢ ᠨᠡᠢᠭᠡᠮ ᠤᠨ ᠬᠦᠭᠵᠢᠯᠲᠡ ᠶᠢᠨ ᠬᠤᠪᠢᠰᠤᠩᠭᠤᠢ ᠵᠢᠮ ᠡ ᠶᠣᠰᠤ ᠲᠠᠢ ᠨᠡᠢᠴᠡᠬᠦ ᠦᠶ ᠡ ᠳ᠋ᠤ ᠵᠠᠢᠯᠠᠰᠢ ᠦᠭᠡᠢ ᠲᠤᠰ ᠨᠡᠢᠭᠡᠮ ᠤᠨ ᠶᠠᠮᠠᠷ ᠨᠢᠭᠡᠨ ᠠᠩᠬᠢ ᠪᠦᠯᠦᠭ ᠤᠨ ᠬᠡᠷᠡᠭᠴᠡᠭᠡ ᠳ᠋ᠦ ᠲᠣᠬᠢᠷᠠᠭᠰᠠᠨ ᠴᠢᠳᠠᠪᠤᠷᠢᠲᠠᠨ ᠨᠠᠷ ᠢᠢᠡᠨ ᠬᠦᠮᠦᠵᠢᠬᠦᠯᠦᠨ ᠭᠠᠷᠭᠠᠳᠠᠭ ᠪᠠᠢᠨ᠎ᠠ᠃ |