摘要 |
《ᠭᠡᠰᠡᠷ》 ᠪᠤᠯ ᠲᠦᠪᠡᠳ ᠮᠣᠩᠭᠤᠯ ᠦᠨᠳᠦᠰᠦᠲᠡᠨ ᠦ ᠠᠷᠠᠳ ᠲᠦᠮᠡᠨ ᠦ ᠤᠷᠲᠤ ᠤᠳᠠᠭ᠋᠋ᠠᠨ ᠬᠤᠭ᠋᠋ᠤᠴᠠᠭᠠᠨ ᠤ ᠠᠮᠢᠳᠤᠷᠠᠯ ᠲᠡᠮᠡᠴᠡᠯ ᠦᠨ ᠶᠠᠪᠤᠴᠠ ᠳᠠᠭ᠋ᠠᠨ ᠡᠭᠦᠳᠦᠨ ᠪᠦᠲᠦᠭᠡᠭᠰᠡᠨ ᠠᠯᠳᠠᠷᠲᠤ ᠲᠤᠤᠯᠢ ᠪᠤᠯᠤᠨ᠎ᠠ᠃ ᠰᠤᠶᠤᠯ ᠤᠨ ᠤᠬᠠᠭ᠋ᠠᠨ ᠤ ᠡᠭᠦᠳᠡᠨ ᠡᠴᠡ ᠠᠵᠢᠭᠯᠠᠪᠠᠯ᠂ 《ᠭᠡᠰᠡᠷ》 ᠨᠢ ᠲᠦᠪᠡᠳ ᠮᠣᠩᠭᠤᠯ ᠤᠨ ᠡᠬᠡ ᠰᠤᠶᠤᠯ ᠬᠢᠭᠡᠳ ᠡᠨ᠋ᠡᠳᠬᠡᠭ ᠦᠨ ᠬᠠᠷᠢ ᠰᠤᠶᠤᠯ ᠤᠨ ᠬᠤᠭ᠋ᠤᠷᠤᠨᠳᠤᠬᠢ ᠬᠠᠷᠢᠯᠴᠠᠨ ᠮᠦᠷᠭᠦᠯᠳᠦᠭᠡᠨ ᠬᠠᠷᠢᠯᠴᠠᠨ ᠠᠭ᠋ᠤᠰᠤᠯᠴᠠᠯ ᠤᠨ ᠦᠷ᠎ᠡ ᠳ᠋ᠦᠩ ᠳᠦ ᠪᠤᠢ ᠪᠤᠯᠤᠭᠰᠠᠨ ᠶᠤᠮ᠃ ᠲᠤᠰ ᠦᠭᠦᠯᠡᠯ ᠳᠦ ᠲᠦᠪᠡᠳ ᠮᠣᠩᠭᠤᠯ 《ᠭᠡᠰᠡᠷ》 ᠦᠨ ᠲᠤᠤᠯᠢ ᠨᠢ 《ᠨᠢᠭᠡ ᠡᠭᠡᠳᠡᠢ ᠰᠠᠯᠪᠤᠷᠢ ᠤᠷᠤᠰᠬᠠᠯ》 ᠭᠡᠬᠦ ᠦᠵᠡᠯᠲᠡ ᠶᠢ ᠪᠠᠷᠢᠮᠲᠠᠯᠠᠨ ᠲᠡᠳᠡᠭᠡᠷ ᠢ ᠨᠢᠭᠡ ᠴᠤᠭᠴᠠ ᠳᠤ ᠲᠠᠯᠪᠢᠵᠤ᠂ ᠲᠡᠳᠡᠭᠡᠷ ᠦᠨ ᠳᠤᠲᠤᠷ᠎ᠠ ᠠᠴᠠ ᠡᠨ᠋ᠡᠳᠬᠡᠭ ᠦᠨ ᠬᠠᠷᠢ ᠰᠤᠶᠤᠯ ᠤᠨ ᠤᠯᠠ ᠮᠦᠷ ᠢ (1) ᠡᠨ᠋ᠡᠳᠬᠡᠭ ᠰᠤᠶᠤᠯ ᠤᠨ ᠳᠠᠪᠠᠭ᠋ᠤᠯᠢᠭ ᠰᠢᠨᠵᠢ; (2) ᠡᠨ᠋ᠡᠳᠬᠡᠭ ᠰᠤᠶᠤᠯ ᠤᠨ ᠲᠦᠪᠡᠳ ᠮᠣᠩᠭᠤᠯ ᠵᠦᠭ ᠨᠡᠪᠲᠡᠷᠡᠯ; (3) 《ᠭᠡᠰᠡᠷ》 ᠲᠡᠬᠢ ᠡᠨ᠋ᠡᠳᠬᠡᠭ ᠰᠤᠶᠤᠯ ᠤᠨ ᠤᠯᠠ ᠮᠦᠷ ᠭᠡᠬᠦ ᠭᠤᠷᠪᠠᠨ ᠰᠡᠳᠦᠪ ᠢᠶᠡᠷ ᠦᠭᠦᠯᠡᠨ ᠨᠤᠲᠠᠯᠠᠵᠠᠢ᠃ |