题名 |
ᠮᠣᠩᠭ᠋ᠤᠯᠴᠤᠳ ᠤᠨ ᠰᠠᠷᠠᠨ ᠰᠢᠳᠦᠯᠭᠡ ᠶᠢᠨ ᠠᠬᠤᠭᠤᠯᠤᠮᠵᠢ ᠶᠢ ᠲᠣᠷᠰᠢᠨ ᠦᠭᠦᠯᠡᠬᠦ ᠨᠢ |
作者 |
ᠰᠡᠴᠡᠨᠪᠢᠯᠢᠭ᠌; ᠪᠦᠬᠡᠬᠠᠳᠠ |
关键词 |
ᠮᠣᠩᠭ᠋ᠤᠯᠴᠤᠳ;ᠰᠠᠷᠠᠨ ᠰᠢᠳᠦᠯᠭᠡ; ᠠᠬᠤᠭᠤᠯᠤᠮᠵᠢ |
摘要 |
ᠰᠠᠷᠠᠨ ᠰᠢᠳᠦᠯᠭᠡ ᠪᠣᠯ ᠮᠣᠩᠭ᠋ᠤᠯᠴᠤᠳ ᠤᠨ ᠪᠠᠢ᠌ᠭᠠᠯᠢ ᠰᠢᠳᠦᠯᠭᠡ ᠶᠢᠨ ᠴᠢᠬᠤᠯᠠ ᠲᠦᠷᠦᠯ ᠵᠦᠢᠯ ᠪᠣᠯᠤᠨ᠎ᠠ᠃ ᠪᠦᠬᠡ ᠮᠦᠷᠭᠦᠯ ᠦᠨ ᠱᠠᠰᠢᠨ ᠪᠣᠯ ᠪᠠᠢ᠌ᠭᠠᠯᠢ ᠶᠢᠨ ᠰᠢᠳᠦᠯᠭᠡ᠂ ᠲᠤᠲ᠋ᠸᠮ ᠰᠢᠳᠦᠯᠭᠡ ᠪᠡ ᠳᠡᠭᠡᠳᠦᠰ ᠦᠨ ᠰᠢᠳᠦᠯᠭᠡ ᠶᠢ ᠡᠵᠡᠮᠳᠡᠨ ᠨᠢᠭᠡᠳᠭᠡᠭ᠍ᠰᠡᠨ ᠬᠠᠮᠤᠭ ᠤᠨ ᠪᠠᠯᠠᠷᠯᠢᠭ ᠱᠠᠰᠢᠨ ᠪᠣᠯᠤᠨ᠎ᠠ᠃ ᠪᠠᠯᠠᠷ ᠡᠷᠲᠡᠨ ᠦ ᠦᠶ᠎ᠡ ᠶᠢᠨ ᠬᠦᠮᠦᠰ ᠨᠢ ᠲᠤᠰ ᠪᠡᠶ᠎ᠡ ᠶᠢᠨ ᠬᠢᠵᠠᠭᠠᠷᠯᠠᠭᠳᠠᠯ ᠡᠴᠡ ᠪᠣᠯᠵᠤ᠂ ᠪᠠᠢ᠌ᠭᠠᠯᠢ ᠶᠢᠨ ᠦᠵᠡᠭᠳᠡᠯ ᠪᠡ ᠪᠠᠢ᠌ᠭᠠᠯᠢ ᠶᠢᠨ ᠬᠦᠴᠦᠨ ᠢ ᠢᠮᠠᠭᠲᠠ ᠪᠠᠢ᠌ᠭᠠᠯᠢ ᠡᠴᠡ ᠬᠡᠳᠦᠢ᠌ᠳᠦᠭᠰᠡᠨ ᠬᠡᠢ ᠪᠣᠳᠤᠯ ᠢᠶᠡᠷ ᠣᠢ᠌ᠯᠠᠭᠠᠳᠠᠭ᠃ ᠪᠠᠢ᠌ᠭᠠᠯᠢ ᠶᠢᠨ ᠲᠦᠮᠡᠨ ᠪᠣᠳᠠᠰ ᠲᠤ ᠰᠦᠭ ᠰᠦᠨᠡᠰᠦ ᠲᠠᠢ ᠭᠡᠵᠦ ᠲᠠᠨᠢᠪᠤᠷᠢᠯᠠᠵᠤ ᠣᠯᠠᠨ ᠵᠦᠢᠯ ᠦᠨ ᠪᠠᠢ᠌ᠭᠠᠯᠢ ᠰᠢᠳᠦᠯᠭᠡ ᠡᠭᠦᠰᠴᠡᠢ᠃ ᠦᠭᠦᠯᠡᠯ ᠳᠥ ᠮᠣᠩᠭ᠋ᠣᠯᠴᠤᠳ ᠤᠨ ᠰᠠᠷᠠᠨ ᠰᠢᠳᠦᠯᠭᠡ ᠳᠥ ᠬᠢ ᠰᠠᠷ᠎ᠠ ᠲᠣᠭᠠᠯᠠᠯ ᠤᠨ ᠰᠠᠷ᠎ᠠ ᠪᠣᠯᠤᠨ ᠨᠠᠷᠠ ᠰᠠᠷ᠎ᠠ ᠶᠢᠨ ᠰᠠᠷ᠎ᠠ ᠶᠢ ᠮᠣᠩᠭ᠋ᠣᠯᠴᠤᠳ ᠤᠨ ᠰᠣᠶᠣᠯ ᠰᠡᠳᠭᠢᠯᠭᠡᠨ ᠲᠠᠢ ᠬᠣᠯᠪᠣᠭᠳᠠᠭᠤᠯᠤᠨ ᠡᠬᠡ ᠬᠦᠮᠦᠨ ᠲᠠᠢ ᠶᠠᠮᠠᠷ ᠬᠣᠯᠪᠣᠭ᠎ᠠ ᠬᠠᠷᠢᠴᠠᠭ᠎ᠠ ᠲᠠᠢ ᠪᠠᠢ᠌ᠬᠤ ᠲᠤᠬᠠᠢ ᠦᠭᠦᠯᠡᠵᠡᠢ᠃ |
原文 |
查看原文
|
出自 |
内蒙古民族大学学报(社会科学)
2009年
第4期
|