摘要 |
ᠦᠩᠭᠡᠷᠡᠭᠰᠡᠨ ᠳ᠋ᠦ ᠬᠡᠪᠯᠡᠭᠳᠡᠭᠰᠡᠨ ᠣᠷᠴᠢᠨ ᠴᠠᠭ ᠤᠨ ᠮᠣᠩᠭᠤᠯ ᠬᠡᠯᠡᠨ ᠤ ᠵᠦᠢ ᠶᠢᠨ ᠰᠤᠷᠬᠤ ᠪᠢᠴᠢᠭ ᠪᠠ ᠰᠤᠳᠤᠯᠭᠠᠨ ᠤ ᠨᠣᠮ ᠵᠣᠬᠢᠶᠠᠯ ᠤᠳ ᠲᠦ《ᠬᠠᠨ /ᠬᠡᠨ》ᠲᠠᠭᠠᠪᠤᠷᠢ ᠶᠢᠨ ᠲᠡᠮᠳᠡᠭ ᠨᠡᠷ ᠡ ᠶᠢᠨ ᠲᠠᠷᠠᠭ᠎ᠠ ᠬᠡᠷᠡᠭᠯᠡᠭᠳᠡᠬᠦ ᠵᠢ ᠯᠡ ᠴᠢᠬᠤᠯᠠᠴᠢᠯᠠᠨ ᠦᠵᠡᠭᠡᠳ᠂ ᠲᠡᠭᠦᠨ ᠤ ᠪᠣᠰᠤᠳ ᠦᠭᠡᠰ ᠤᠨ ᠠᠢᠮᠠᠭ ᠤᠨ ᠦᠭᠡ ᠶᠢᠨ ᠲᠠᠷᠠᠭ᠎ᠠ ᠬᠡᠷᠡᠭᠯᠡᠭᠳᠡᠬᠦ ᠵᠢ ᠬᠤᠯᠪᠤᠬᠤ ᠬᠡᠰᠡᠭ ᠲᠡᠭᠡᠨ ᠲᠤᠷᠠᠳᠤᠭᠰᠠᠨ(ᠭᠤᠤᠯᠳᠠᠭᠤ ᠲᠤᠭᠠᠨ ᠤ ᠨᠡᠷ ᠡ ᠳ᠋ᠤ《ᠬᠠᠨ /ᠬᠡᠨ》 ᠲᠠᠭᠠᠪᠤᠷᠢ ᠵᠢ ᠵᠠᠯᠭᠠᠵᠤ ᠴᠢᠮᠠᠯᠠᠭᠰᠠᠨᠡᠰᠡᠬᠦᠯ ᠡ ᠬᠢᠵᠠᠭᠠᠷᠯᠠᠭᠰᠠᠨ ᠤᠳᠬ ᠠ ᠤᠷᠤᠭᠤᠯᠬᠤ ᠲᠣᠬᠠᠢ)ᠪᠤᠶᠤ ᠲᠤᠷᠠᠳᠤᠭ᠎ᠠ ᠦᠭᠡᠢ ᠪᠠᠢᠵᠤ ᠪᠠᠢᠭ᠎ᠠ᠃ᠢᠩᠬᠢᠭᠡᠳ 《ᠬᠠᠨ /ᠬᠡᠨ》ᠲᠠᠭᠠᠪᠤᠷᠢ ᠶᠢᠨ ᠪᠣᠰᠤᠳ ᠦᠭᠡᠰ ᠤᠨ ᠠᠢᠮᠠᠭ ᠲᠤ ᠬᠡᠷᠡᠭᠯᠡᠭᠳᠡᠬᠦ ᠵᠢ ᠬᠦᠨᠵᠡᠭᠡᠢ ᠢᠯᠡᠷᠡᠬᠦᠯᠵᠦ ᠴᠢᠳᠠᠭ᠎ᠠ ᠦᠭᠡᠢ ᠪᠦᠭᠡᠳ ᠲᠡᠭᠦᠨ ᠢ ᠤᠮᠳᠤᠭᠠᠢᠯᠠᠵᠤ ᠪᠠᠢᠭ᠎ᠠ ᠪᠠᠢᠳᠠᠯ ᠲᠠᠢ ᠪᠠᠢᠨ᠎ᠠ᠃ |