摘要 |
ᠣᠷᠴᠢᠨ ᠴᠠᠭ ᠤᠨ ᠮᠣᠩᠭᠤᠯ ᠬᠡᠯᠡᠨ ᠳ᠋ᠤ《ᠰᠢᠭ᠋/ᠰᠢᠭ》 ᠨᠢ ᠨᠡᠯᠢᠶᠡᠳ ᠦᠷᠭᠡᠨ ᠢᠢᠡᠷ ᠬᠡᠷᠡᠭᠯᠡᠭᠳᠡᠵᠦ ᠪᠠᠢᠨ᠎ᠠ᠃ ᠡᠭᠦᠨ ᠢ ᠮᠣᠨᠭᠤᠯᠴᠢ ᠡᠷᠳᠡᠮᠲᠡᠳ ᠤᠨ ᠪᠦᠲᠦᠭᠡᠯ ᠳ᠋ᠤ ᠵᠠᠷᠢᠮ ᠳ᠋ᠠᠭᠠᠨ ᠲᠠᠭᠠᠪᠤᠷᠢ ᠦᠭᠡ᠂ ᠵᠠᠷᠢᠮ ᠳ᠋ᠠᠭᠠᠨ ᠰᠤᠯᠠ ᠦᠭᠡ᠂ ᠵᠠᠷᠢᠮ ᠳ᠋ᠠᠭᠠᠨ ᠲᠠᠢᠨ ᠢᠯᠭᠠᠯ ᠤᠨ ᠲᠠᠭᠠᠪᠤᠷᠢ ᠭᠡᠵᠦ ᠶᠠᠩᠵᠤ ᠶᠠᠩᠵᠤ ᠪᠡᠷ ᠲᠠᠢᠯᠪᠤᠷᠢᠯᠠᠵᠤ ᠪᠠᠢᠳᠠᠭ᠃ᠢᠩᠬᠢᠬᠦᠯᠡᠷ《ᠰᠢᠭ᠋/ᠰᠢᠭ》 ᠤᠨ ᠲᠣᠬᠠᠢ ᠬᠦᠮᠦᠰ ᠤᠨ ᠰᠠᠨᠠᠯ ᠠᠷᠠᠢ ᠨᠢᠭᠡᠲᠦᠭᠡ ᠦᠭᠡᠢ ᠪᠠᠢᠵᠤ ᠪᠠᠢᠭ᠎ᠠ᠃ ᠡᠢᠮᠦ ᠡᠴᠡ ᠲᠤᠰ ᠦᠭᠦᠯᠡᠯ ᠳ᠋ᠤ ᠣᠷᠴᠢᠨ ᠴᠠᠭ ᠤᠨ ᠮᠣᠩᠭᠤᠯ ᠬᠡᠯᠡᠨ ᠤ ᠪᠣᠳᠠᠳᠤ ᠬᠡᠷᠡᠭᠯᠡᠯᠲᠡ ᠶᠢᠨ ᠮᠠᠲ᠋ᠧᠷᠢᠶᠠᠯ ᠳ᠋ᠤ ᠰᠠᠭᠤᠷᠢᠯᠠᠨ《《ᠰᠢᠭ᠋/ᠰᠢᠭ》 ᠨᠢ ᠴᠣᠬᠤᠮ ᠲᠠᠢᠨ ᠢᠯᠠᠭᠠᠯ ᠤᠨ ᠲᠠᠭᠠᠪᠤᠷᠢ ᠤᠤ᠂ ᠰᠤᠯᠠ ᠦᠭᠡ ᠤᠤ᠂ ᠲᠠᠭᠠᠪᠤᠷᠢ ᠦᠭᠡ ᠤᠤ ᠭᠡᠳᠡᠭ ᠢ ᠰᠢᠨᠵᠢᠯᠡᠬᠦ ᠶᠢᠨ ᠬᠠᠮᠲᠤ ᠲᠡᠭᠦᠨ ᠤ ᠭᠡᠷᠡᠭᠯᠡᠭᠳᠡᠬᠦ ᠪᠠᠢᠳᠠ᠂᠂ ᠢᠯᠡᠳᠭᠡᠬᠦ ᠤᠳᠬ ᠠ ᠭᠡᠬᠦ ᠮᠡᠳᠦ ᠲᠠᠯ ᠠ ᠪᠡᠷ ᠬᠤᠯᠪᠤᠭᠳᠠᠭᠰᠠᠨ ᠵᠠᠷᠢᠮ ᠵᠦᠢᠯᠡᠰ ᠤᠨ ᠲᠣᠬᠠᠢ ᠶᠠᠷᠢᠯᠴᠠᠬᠤ ᠪᠡᠷ ᠵᠣᠷᠢᠭᠰᠠᠨ ᠪᠢᠯᠡ᠃ |