题名 |
Ⅱᠬᠡᠯᠪᠡᠷᠢ ᠶᠢᠨ ᠰᠢᠬᠢᠷ ᠰᠢᠵᠢᠩ ᠡᠪᠡᠳᠴᠢᠨ ᠤ ᠠᠮᠢᠳᠠᠨ ᠤ ᠵᠠᠭᠪᠤᠷ ᠵᠤᠬᠢᠶᠠᠵᠤ ᠪᠠᠢ᠌ᠭ᠎ᠠ ᠰᠤᠳᠤᠯᠭᠠᠨ ᠤ ᠲᠤᠢ᠌ᠮᠤ |
作者 |
ᠲᠡᠯᠭᠡᠷᠮ᠎ᠡ; ᠮᠸᠢ ᠬᠤᠩ; ᠡᠦ ᠴᠢ ᠱᠢ ᠰᠠᠨ |
关键词 |
Ⅱᠬᠡᠯᠪᠡᠷᠢ ᠶᠢᠨ ᠰᠢᠬᠢᠷ ᠰᠢᠵᠢᠩ ᠡᠪᠡᠳᠴᠢᠨ; ᠠᠮᠢᠳᠠᠨ ᠤ ᠵᠠᠭᠪᠤᠷ; ᠵᠤᠬᠢᠶᠠᠬᠤ ᠠᠷᠭ᠎ᠠ; ᠲᠤᠢ᠌ᠮᠤ ᠲᠠᠨᠢᠯᠴᠠᠭᠤᠯᠭ᠎ᠠ |
摘要 |
ᠰᠢᠬᠢᠷ ᠰᠢᠵᠢᠩ ᠡᠪᠡᠳᠴᠢᠨ ᠪᠤᠯ ᠨᠢᠭᠡᠨ ᠵᠦᠢᠯ ᠤᠨ ᠤᠳᠠᠭᠠᠨ ᠴᠢᠨᠠᠷᠳᠠᠢ ᠲᠤᠳᠤᠭᠠᠳᠤ ᠱᠦᠭᠦᠷᠡᠯᠡᠯ ᠤᠨ ᠰᠢᠰᠲ᠋ᠸᠮ ᠤᠨ ᠡᠪᠡᠳᠴᠢᠨ ᠪᠤᠯᠤᠨ᠎ᠠ᠃ ᠲᠡᠭᠦᠨ ᠢ ᠤᠯᠠᠨ ᠵᠦᠢᠯ ᠤᠨ ᠬᠡᠯᠡᠪᠷᠢ ᠳᠤ ᠬᠤᠪᠢᠶᠠᠳᠠᠭ ᠪᠤᠯᠪᠠᠴᠤ᠂ Ⅱᠬᠡᠯᠪᠡᠷᠢ ᠶᠢᠨ ᠰᠢᠬᠢᠷ ᠰᠢᠵᠢᠩ ᠡᠪᠡᠳᠴᠢᠨ ᠤ ᠡᠭᠦᠰᠦᠯᠳᠡ ᠶᠢᠨ ᠨᠤᠷᠮ᠎ᠠ ᠨᠢ ᠲᠤᠩ ᠦᠨᠳᠦᠷ ᠪᠠᠢ᠌ᠵᠤ᠂ ᠪᠦᠬᠦ ᠰᠢᠬᠢᠷ ᠰᠢᠵᠢᠩ ᠡᠪᠡᠳᠴᠢᠨ ᠤ ᠡᠭᠦᠰᠦᠯᠳᠡ ᠶᠢᠨ ᠨᠤᠷᠮ᠎ᠠ ᠶᠢᠨ 90% ᠍᠍~ 95% ᠤᠷᠴᠢᠮ ᠢ ᠡᠵᠡᠯᠡᠵᠦ ᠪᠠᠢ᠌ᠳᠠᠭ᠃ ᠡᠢ᠌ᠮᠤ ᠡᠴᠡ ᠰᠢᠬᠢᠷ ᠰᠢᠵᠢᠩ ᠡᠪᠡᠳᠴᠢᠨ ᠢ ᠠᠮᠢᠳᠠᠨ ᠤ ᠲᠤᠷᠰᠢᠯᠳᠠ ᠶᠢᠨ ᠠᠷᠭ᠎ᠠ ᠪᠡᠷ ᠰᠤᠳᠤᠯᠤᠨ ᠰᠢᠨᠵᠢᠯᠡᠬᠦ ᠳᠤ Ⅱᠬᠡᠯᠪᠡᠷᠢ ᠶᠢᠨ ᠰᠢᠬᠢᠷ ᠰᠢᠵᠢᠩ ᠡᠪᠡᠳᠴᠢᠨ ᠤ ᠠᠮᠢᠳᠠᠨ ᠤ ᠵᠠᠭᠪᠤᠷ ᠵᠤᠬᠢᠶᠠᠬᠤ ᠪᠤᠯ ᠲᠤᠩ ᠴᠢᠬᠤᠯᠠ ᠮᠦᠷᠳᠡᠭᠡᠨ ᠲᠤᠷᠰᠢᠯᠳᠠ ᠶᠢᠨ ᠬᠠᠨᠤᠮᠵᠢᠳᠠᠢ ᠦᠷ᠎ᠡ ᠳ᠋ᠦᠩ ᠤᠯᠬᠤ ᠡᠰᠡᠬᠦ ᠶᠢᠨ ᠵᠠᠩᠭᠢᠯᠠᠭ᠎ᠠ ᠶᠢᠨ ᠠᠰᠠᠭᠤᠳᠠᠯ ᠪᠤᠯᠵᠤ ᠪᠠᠢ᠌ᠨ᠎ᠠ᠃ ᠤᠳᠤᠬᠠᠨ ᠳᠤ᠂ ᠰᠢᠬᠢᠷ ᠰᠢᠵᠢᠩ ᠡᠪᠡᠳᠴᠢᠨ ᠤ ᠠᠮᠢᠳᠠᠨ ᠤ ᠵᠠᠭᠪᠤᠷ ᠢ ᠭᠤᠤᠯᠳᠠᠭᠤ ᠠᠶᠠᠨᠳᠠᠭᠠᠨ ᠡᠰᠦᠰᠬᠦ ᠴᠢᠨᠠᠷ ᠲᠠᠢ ᠵᠠᠭᠪᠤᠷ ᠪᠤᠯᠤᠨ ᠦᠳᠦᠭᠡᠨ ᠡᠭᠦᠰᠭᠡᠬᠦ ᠴᠢᠨᠠᠷ ᠲᠠᠢ ᠵᠠᠭᠪᠤᠷ ᠵᠡᠷᠭᠡ ᠬᠤᠶᠠᠷ ᠶᠡᠬᠡ ᠦᠨᠳᠦᠰᠦᠨ ᠲᠦᠷᠦᠯ ᠵᠦᠢᠯ ᠳᠤ ᠬᠤᠪᠢᠶᠠᠳᠠᠭ᠃ ᠡᠭᠦᠨ ᠳᠤ ᠦᠨᠳᠦᠷ ᠡᠨ᠋ᠸᠷᠭᠢᠳᠦ ᠪᠤᠷᠳᠤᠭ᠎ᠠ ᠪᠤᠯᠤᠨ Streptozotocin (STZ) ᠶᠢ ᠤᠶᠠᠯᠳᠤᠭᠤᠯᠤᠨ ᠬᠡᠷᠡᠭᠯᠡᠵᠦ ᠵᠤᠬᠢᠶᠠᠬᠤ ᠠᠷᠭ᠎ᠠ ᠨᠢ ᠲᠦᠭᠦᠮ ᠮᠦᠷᠳᠡᠭᠡᠨ ᠡᠪᠡᠳᠴᠢᠨ ᠤ ᠰᠢᠨᠵᠢ ᠢᠯᠡᠷᠡᠯ ᠪᠠ ᠡᠪᠡᠳᠴᠢᠨ ᠤ ᠵᠦᠢ ᠶᠢᠨ ᠬᠤᠪᠢᠷᠠᠯᠳᠠ ᠨᠢ ᠬᠦᠮᠦᠨ ᠲᠦᠷᠦᠯᠬᠢᠳᠡᠨ ᠤ Ⅱᠬᠡᠯᠪᠡᠷᠢ ᠶᠢᠨ ᠰᠢᠬᠢᠷ ᠰᠢᠵᠢᠩ ᠡᠪᠡᠳᠴᠢᠨ ᠲᠠᠢ ᠨᠡᠯᠢᠶᠡᠳ ᠲᠦᠰᠳᠡᠢ ᠪᠠᠢ᠌ᠳᠠᠭ ᠡᠴᠡ ᠰᠤᠳᠤᠯᠭᠠᠳᠠᠳ ᠤᠨ ᠬᠦᠷᠢᠶᠡᠯᠡᠯ ᠢ ᠤᠯᠵᠤ ᠪᠠᠢ᠌ᠨ᠎ᠠ᠃ |
原文 |
没有原文
|
出自 |
内蒙古民族大学学报(蒙医药学)
2014年
第1期
|