摘要 |
ᠶᠠᠭᠤ ᠵᠢ ᠭᠤᠤ ᠠ ᠰᠠᠢᠬᠠᠨ ᠤ ᠠᠭᠤᠯᠭ᠎ᠠ ᠬᠡᠭᠦ ᠪᠤᠢ? ᠶᠠᠭᠤ ᠵᠢ ᠭᠣᠤ ᠠ ᠰᠠᠢᠬᠠᠨ ᠤ ᠬᠡᠯᠪᠡᠷᠢ ᠭᠡᠬᠦ ᠪᠤᠢ?ᠡᠨᠡ ᠬᠤᠶᠠᠭᠤᠯᠠ ᠶᠢᠨ ᠬᠠᠷᠢᠴᠠᠭ᠎ᠠ ᠶᠠᠮᠠᠷ ᠪᠠᠢᠳᠠᠭ ᠪᠤᠢ? ᠡᠳᠡᠭᠡᠷ ᠠᠰᠠᠭᠤᠳᠠᠯ ᠴᠦᠮ ᠨᠠᠷᠢᠨ ᠪᠣᠳᠤᠯᠢᠶᠠᠨᠳᠠᠢ ᠪᠢᠯᠡ᠃ ᠢᠯᠠᠩᠭᠤᠶ ᠠ ᠭᠤᠤ ᠠ ᠰᠠᠢᠬᠠᠨ ᠤ ᠠᠭᠤᠯᠭ᠎ᠠ ᠪᠣᠯᠤᠨ ᠬᠡᠯᠪᠡᠷᠢ ᠶᠢᠨ ᠬᠠᠷᠢᠴᠠᠭᠠᠨ ᠤ ᠲᠣᠬᠠᠢ ᠡᠷᠲᠡ ᠡᠳᠦᠬᠡ ᠲᠤᠳᠤᠭᠠᠲᠤ ᠭᠠᠳᠠᠭᠠᠲᠤ ᠶᠢᠨ ᠭᠤᠤ ᠠ ᠵᠦᠢ ᠶᠢᠨ ᠡᠷᠲᠡᠮᠲᠡᠳ ᠶᠡᠷᠦ ᠡᠴᠡ ᠰᠡᠳᠬᠢᠯ ᠲᠠᠯᠪᠢᠨ ᠰᠢᠨᠵᠢᠯᠡᠵᠦ ᠰᠣᠳᠤᠯᠤᠭᠰᠠᠭᠠᠷ ᠢᠷᠡᠭᠰᠡᠨ ᠠᠰᠠᠭᠤᠳᠠᠯ ᠪᠣᠯᠤᠨ᠎ᠠ᠃ ᠭᠤᠤ ᠠ ᠰᠠᠢᠬᠠᠨ ᠬᠡᠷᠡᠭ ᠪᠣᠳᠠᠰ ᠶᠡᠷᠦᠨᠢ ᠭᠤᠤ ᠠ ᠰᠠᠢᠠᠬᠨ ᠤ ᠠᠭᠤᠯᠭ᠎ᠠ ᠪᠠ ᠭᠤᠤ ᠠ ᠰᠠᠢᠬᠠᠨ ᠤ ᠬᠡᠯᠪᠡᠷᠢ ᠡᠨᠡ ᠬᠤᠶᠠᠷ ᠲᠠᠯ ᠠ ᠪᠡᠷ ᠪᠦᠷᠢᠯᠳᠦᠭᠰᠡᠨ ᠪᠠᠢᠳᠠᠭ᠃ ᠭᠤᠤ ᠠ ᠰᠠᠢᠬᠠᠨ ᠤ ᠠᠭᠤᠯᠭ᠎ᠠ ᠨᠢ ᠭᠤᠤ ᠠ ᠰᠠᠢᠬᠠᠨ ᠤ ᠬᠡᠯᠪᠡᠷᠢ ᠵᠢ ᠰᠢᠢᠳᠪᠦᠷᠢᠯᠡᠨ᠂ ᠭᠤᠤ ᠠ ᠰᠠᠢᠬᠠᠨ ᠤ ᠬᠡᠯᠪᠡᠷᠢ ᠨᠢ ᠪᠠᠰᠠ ᠬᠠᠷᠢᠴᠠᠩᠭᠤᠢ ᠪᠡᠷ ᠲᠤᠰᠠᠭᠠᠷ ᠴᠢᠠᠨᠷ ᠲᠠᠢ ᠪᠠᠢᠳᠠᠭ᠃ |