摘要 |
《ᠶᠤᠸᠠᠨ ᠱᠢ》 ᠪᠠ 《ᠲᠡᠦᠭᠡᠰ ᠤᠨ ᠴᠢᠭᠤᠯᠭᠠᠨ》 ᠢ ᠦᠨᠳᠦᠰᠦᠯᠡᠪᠠᠯ ᠰᠢᠶᠠᠨ ᠽᠦᠩ ᠤᠨ ᠭᠤᠷᠪᠠᠨ ᠣᠨ (1253)ᠳ᠋ᠤ ᠮᠦᠩᠬᠡ ᠬᠠᠭᠠᠨ ᠤ ᠲᠠᠮᠢᠯᠠᠭᠠ ᠪᠡᠷ ᠬᠠᠪᠢᠯᠠᠢ ᠪᠠ ᠵᠠᠭᠦᠨ ᠭᠠᠷ ᠤᠨ ᠸᠠᠩ ᠵᠢᠴᠢ ᠴᠠᠭᠠᠳᠠᠢ ᠶᠢᠨ ᠬᠤᠢᠴᠢᠰ ᠠᠪᠢᠱᠭᠠ ᠨᠠᠷ ᠠᠷᠪᠠᠨ ᠲᠦᠮᠡᠨ ᠮᠣᠩᠭᠤᠯ ᠴᠡᠷᠢᠭᠲᠠᠢᠢᠴᠢᠯᠠᠵᠤ ᠳ᠋ᠠᠯᠢ ᠤᠯᠤᠰ ᠢ ᠲᠠᠢᠢᠯᠠᠭᠰᠠᠨ ᠪᠠᠢᠨ᠎ᠠ᠃ ᠲᠤᠰ ᠦᠭᠦᠯᠡᠯ《ᠶᠤᠸᠠᠨ ᠱᠢ》ᠳ᠋ᠤ ᠲᠡᠮᠳᠡᠭᠯᠡᠭᠰᠡᠨ ᠭᠤᠷᠪᠠᠨ ᠵᠦᠢᠯ ᠤᠨ ᠲᠡᠮᠳᠡᠭᠯᠡᠯ ᠢ ᠦᠨᠳᠦᠰᠦᠯᠡᠨ᠂ ᠲᠣᠬᠠᠢ ᠶᠢᠨ ᠦᠶ ᠠ ᠳ᠋ᠤ ᠮᠣᠩᠭᠤᠯ ᠴᠡᠷᠢᠭ ᠳ᠋ᠠᠯᠢ ᠤᠤᠯᠰ ᠢ ᠲᠠᠢᠢᠯᠠᠨ ᠲᠠᠭᠠᠭᠤᠯᠤᠭᠰᠠᠨ ᠲᠣᠬᠠᠢ ᠰᠢᠨᠵᠢᠯᠡᠪᠡ᠃ᠡᠬᠦᠨ ᠢᠢᠡᠷ ᠲᠠᠮᠵᠢᠨ《ᠱᠢᠽᠦ ᠬᠠᠭᠠᠨ ᠪᠡᠷ ᠶᠦᠨᠨᠠᠨ ᠢ ᠲᠦᠪᠰᠢᠳᠭᠡᠭᠰᠡᠨ ᠬᠦᠰᠢᠶ ᠠ》ᠳ᠋ᠤ ᠲᠡᠮᠳᠡᠭᠯᠡᠭᠰᠡᠨ ᠬᠤᠪᠢᠯᠠᠢ ᠬᠠᠭᠠᠨ 《ᠶᠦᠨᠨᠠᠨ ᠶᠢ ᠲᠦᠪᠰᠢᠭᠭᠡᠪᠡ》ᠭᠡᠬᠦ ᠬᠡᠯᠯᠡᠭᠡ ᠳ᠋ᠤ ᠰᠢᠨ᠎ᠠ ᠲᠠᠢᠯᠪᠤᠷᠢ ᠬᠢᠬᠦ ᠵᠢ ᠵᠣᠷᠢᠪᠠ᠃ |