题名 |
ᠮᠤᠩᠭ᠋ᠤᠯ ᠬᠡᠦᠬᠡᠨᠴᠦᠳ ᠲᠤ ᠵᠦᠪ ᠵᠠᠮ ᠶᠢᠡᠷ ᠶᠠᠪᠤᠬᠤ ᠶᠢ ᠰᠤᠷᠭᠠᠮᠵᠢᠯᠠᠬᠤ ᠶᠢᠨ ᠤᠴᠢᠷ — ᠮ • ᠢᠳᠡᠮᠰᠦ᠋ᠷᠦᠩ ᠤᠨ《ᠵᠠᠮ ᠶᠢᠡᠨ ᠠᠯᠳᠠᠭᠰᠠᠨ ᠵᠠᠮᠢᠶᠠᠩᠮᠢᠳᠤᠭ》᠂ 《ᠭᠤᠷᠪᠠᠨ ᠬᠡᠦᠬᠡᠨ》᠂《ᠵᠠᠯᠠᠭᠤ ᠬᠤᠤᠰ》ᠵᠤᠬᠢᠶᠠᠯ ᠤᠨ ᠲᠤᠭᠤᠷᠢᠨ ᠳᠤ |
作者 |
ᠰᠡᠩᠭᠡ |
关键词 |
ᠮ • ᠢᠳᠠᠮᠰᠦ᠋ᠷᠦᠩ; ᠮᠤᠩᠭ᠋ᠤᠯ ᠬᠡᠦᠬᠡᠨᠴᠦᠳ; ᠵᠦᠪ ᠵᠠᠮ |
摘要 |
ᠮ • ᠢᠳᠡᠮᠰᠦ᠋ᠷᠦᠩ ᠪᠤᠯ ᠮᠤᠩᠭ᠋ᠤᠯ ᠤᠨ ᠤᠷᠴᠢᠨ ᠦᠶ᠎ᠡ ᠶᠢᠨ ᠤᠷᠠᠨ ᠵᠤᠬᠢᠶᠠᠯ ᠤᠨ ᠰᠢᠭᠦᠮᠵᠢᠯᠡᠭᠴᠢ᠂ ᠤᠷᠠᠨ ᠵᠤᠬᠢᠶᠠᠯᠴᠢ᠂ ᠰᠡᠳᠭᠦᠯᠴᠢ ᠪᠠᠢ᠌ᠭᠰᠠᠨ ᠬᠦᠮᠦᠨ ᠪᠤᠯᠤᠨ᠎ᠠ᠃ ᠲᠡᠷᠡ ᠪᠡᠷ ᠤᠷᠠᠨ ᠵᠤᠬᠢᠶᠠᠯ ᠳᠤ ᠪᠠᠨ ᠨᠡᠢ᠌ᠭᠡᠮ ᠤᠨ ᠬᠦᠭ᠍ᠵᠢᠯ᠂ ᠬᠦᠮᠦᠨ ᠠᠷᠠᠳ ᠤᠨ ᠪᠤᠯᠪᠠᠰᠤᠷᠠᠯ ᠳᠤ ᠰᠠᠭᠠᠳ ᠪᠤᠯᠵᠤ ᠪᠤᠢ ᠹᠸᠤᠳᠠᠯ ᠤᠨ ᠬᠤᠴᠤᠷᠤᠭᠳᠠᠩᠭ᠋ᠤᠢ ᠮᠠᠭᠤ ᠮᠠᠭᠤᠬᠠᠢ ᠵᠦᠢᠯᠡᠰ ᠢ ᠬᠦᠮᠦᠰ ᠲᠤ ᠵᠢᠭᠰᠢᠭᠦᠯᠬᠦ ᠵᠤᠷᠢᠯᠭ᠎ᠠ ᠪᠡᠷ ᠲᠡᠷᠡ ᠬᠡᠪ ᠶᠢᠡᠷ ᠨᠢ ᠢᠯᠡᠷᠡᠭᠦᠯᠦᠨ ᠬᠠᠷᠠᠭᠤᠯᠵᠤ᠂ ᠰᠢᠨ᠎ᠡ ᠪᠤᠳᠠᠳᠤ ᠠᠬᠤᠢ ᠶᠢ ᠨᠡᠢ᠌ᠭᠡᠮ ᠭᠤᠣ᠎ᠠ ᠵᠦᠢ ᠶᠢ ᠡᠭᠦᠳᠡᠨ ᠡᠴᠡ ᠨᠡᠭᠡᠭᠡᠨ ᠦᠵᠡᠭᠦᠯᠳᠡᠭ ᠪᠠᠢ᠌ᠵᠠᠢ᠃ ᠲᠤᠬᠠᠢ᠌ᠯᠠᠪᠠᠯ᠂ 《ᠵᠠᠮ ᠶᠢᠡᠨ ᠠᠯᠳᠠᠭᠰᠠᠨ ᠵᠠᠮᠢᠶᠠᠩᠮᠢᠳᠤᠭ》ᠲᠤ ᠬᠢ ᠵᠠᠮᠢᠶᠠᠩᠮᠢᠳᠤᠭ ᠤᠨ ᠲᠦᠷᠢ᠂《ᠭᠤᠷᠪᠠᠨ ᠬᠡᠦᠬᠡᠨ》 ᠳᠤ ᠬᠢ ᠬᠠᠰᠠᠷᠳᠡᠨᠢ᠂ ᠵᠠᠨᠳᠠᠩᠪᠠᠯ ᠤᠨ ᠲᠦᠷᠢ᠂ 《ᠵᠠᠯᠠᠭᠤ ᠬᠤᠤᠰ》ᠲᠤ ᠬᠢ ᠠᠳᠠᠯᠢᠪᠢᠰᠢ ᠶᠢᠨ ᠲᠦᠷᠢ ᠪᠡᠷ ᠲᠠᠮᠵᠢᠭᠤᠯᠵᠤ᠂ ᠮᠤᠩᠭ᠋ᠤᠯ ᠬᠡᠦᠬᠡᠨᠴᠦᠳ ᠲᠤ ᠪᠡᠶ᠎ᠡ ᠪᠠᠨ ᠵᠦᠪ ᠠᠪᠴᠤ ᠶᠠᠪᠤᠨ᠂ ᠰᠢᠨ᠎ᠡ ᠴᠠᠭ ᠦᠶ᠎ᠡ ᠳᠤ ᠰᠤᠶᠤᠯ ᠪᠤᠯᠪᠠᠰᠤᠷᠠᠯ ᠢ ᠡᠷᠬᠢᠮᠯᠡᠨ᠂ ᠵᠠᠯᠠᠭᠤ ᠽᠠᠨᠳᠠᠨ ᠨᠠᠰᠤᠨ ᠳᠤ ᠪᠠᠨ ᠡᠬᠡ ᠤᠷᠤᠨ ᠤ ᠪᠠᠨ ᠦᠢᠯᠡᠰ ᠲᠤ ᠲᠡᠮᠡᠴᠡᠵᠦ ᠶᠠᠪᠤᠭᠠᠷᠠᠢ ᠭᠡᠬᠦ ᠰᠠᠨᠠᠭ᠎ᠠ ᠪᠠᠨ ᠢᠯᠡᠷᠡᠭᠦᠯᠵᠦ ᠪᠠᠢ᠌ᠨ᠎ᠠ᠃ |
原文 |
查看原文
|
出自 |
内蒙古民族大学学报(社会科学)
2015年
第2期
|