论文信息


题名 ᠱᠠᠰᠢᠨ ᠰᠢᠲᠦᠯᠭᠡ ᠳᠦ ᠬᠤᠯᠪᠤᠭᠳᠠᠭᠰᠠᠨ ᠵᠠᠷᠢᠮ ᠵᠦᠢᠷᠯᠡᠭᠰᠡᠨ ᠬᠡᠯᠡᠯᠭᠡ ᠬᠢᠭᠡᠳ ᠮᠣᠩᠭᠤᠯᠴᠤᠳ ᠤᠨ ᠰᠡᠳᠬᠢᠭᠦᠢ
作者 ᠭᠠᠯᠰᠠᠩ; ᠵᠠᠩ ᠯᠢ ᠮᠧᠢ
关键词 ᠱᠠᠰᠢᠨ ᠰᠢᠲᠦᠯᠭᠡ; ᠵᠦᠷᠯᠡᠭᠰᠡᠨ ᠬᠡᠯᠡᠯᠭᠡ; ᠰᠡᠳᠬᠢᠭᠦᠢ
摘要 ᠶᠤᠸᠠᠨ ᠤᠯᠤᠰ ᠠᠴᠠ ᠡᠮᠦᠨᠡᠬᠢ ᠦᠶ᠎ᠡ ᠳᠦ ᠪᠦᠬᠡ ᠶᠢᠨ ᠱᠠᠰᠢᠨ ᠨᠤᠶᠠᠷᠬᠠᠬᠤ ᠪᠠᠢᠷᠢᠨ ᠳᠤ ᠪᠠᠢᠵᠤ᠂ ᠮᠣᠩᠭᠤᠯᠴᠤᠳ ᠪᠦᠬᠡ ᠶᠢ ᠶᠡᠬᠡ ᠪᠡᠷ ᠰᠢᠲᠦᠵᠦ ᠪᠠᠢᠪᠠ᠃ ᠶᠤᠸᠠᠨ ᠤᠯᠤᠰ ᠠᠴᠠ ᠨᠠᠭᠠᠰᠢ ᠣᠨᠴᠠᠭᠠᠢᠯᠠᠨ ᠮᠠᠨᠵᠤ ᠲᠦᠷᠦ ᠶᠢᠨ ᠦᠶ᠎ᠡ ᠳᠦ ᠮᠣᠩᠭᠤᠯ ᠣᠷᠤᠨ ᠳᠤ ᠪᠤᠷᠬᠠᠨ ᠱᠠᠰᠢᠨ ᠶᠡᠬᠡ ᠪᠡᠷ ᠤᠯᠠᠮᠵᠢᠯᠠᠭᠳᠠᠨ ᠳᠡᠯᠭᠡᠷᠡᠵᠡᠢ᠃ ᠮᠣᠩᠭᠤᠯ ᠣᠷᠤᠨ ᠳᠤ ᠱᠠᠰᠢᠨ ᠳᠡᠯᠭᠡᠷᠡᠬᠦ ᠶᠢ ᠳᠠᠭᠠᠯᠳᠤᠨ᠂ ᠮᠣᠩᠭᠤᠯ ᠬᠡᠯᠡᠨ ᠦ ᠦᠭᠡᠰ ᠦᠨ ᠰᠠᠩ ᠳᠤ ᠱᠠᠰᠢᠨ ᠰᠢᠲᠦᠯᠭᠡ ᠲᠡᠢ ᠬᠤᠯᠪᠤᠭᠳᠠᠭᠰᠠᠨ ᠵᠦᠢᠷᠯᠡᠭᠰᠡᠨ ᠦᠭᠡ ᠬᠡᠯᠡᠯᠭᠡ ᠪᠤᠢ ᠪᠤᠯᠵᠠᠢ᠃ ᠬᠤᠵᠢᠮ ᠨᠢ ᠱᠠᠰᠢᠨ ᠰᠢᠲᠦᠯᠭᠡ ᠶᠢᠨ ᠰᠤᠯᠠᠷᠠᠬᠤ ᠶᠢ ᠳᠠᠭᠠᠯᠳᠤᠨ᠂ ᠡᠳᠡᠭᠡᠷ ᠦᠭᠡᠰ ᠨᠢ ᠤᠤᠯ ᠤᠳᠬ᠎ᠠ ᠠᠴᠠ ᠪᠠᠨ ᠤᠳᠬ᠎ᠠ ᠰᠠᠯᠪᠤᠷᠢᠯᠠᠨ ᠬᠡᠷᠡᠭᠯᠡᠭᠳᠡᠬᠦ ᠪᠤᠯᠤᠭᠰᠠᠨ ᠪᠠᠢᠨ᠎ᠠ᠃ ᠲᠤᠬᠠᠢᠯᠠᠪᠠᠯ᠂ 《ᠬᠦᠷᠢᠮ ᠬᠢᠬᠦ》 ᠭᠡᠳᠡᠭ ᠨᠢ ᠡᠪᠡᠳᠴᠢᠯᠡᠭᠰᠡᠨ ᠪᠤᠶᠤ ᠦᠬᠦᠭᠰᠡᠨ ᠬᠦᠮᠦᠨ ᠳᠦ ᠪᠤᠶᠠᠨ ᠦᠢᠯᠡᠳᠴᠦ ᠦᠭᠬᠦ ᠨᠡᠷ᠎ᠡ ᠪᠡᠷ ᠨᠤᠮ ᠤᠩᠰᠢᠬᠤ ᠦᠢᠯᠡ ᠶᠢ ᠵᠢᠭᠠᠵᠤ ᠪᠠᠢᠭᠰᠠᠨ ᠠᠴᠠ ᠬᠤᠵᠢᠮ ᠨᠢ ᠠᠭᠠᠵᠢᠮ ᠢᠶᠠᠷ ᠤᠳᠬ᠎ᠠ ᠰᠢᠯᠵᠢᠵᠦ ᠶᠠᠮᠠᠷ ᠨᠢᠭᠡᠨ ᠮᠠᠭᠤ ᠦᠢᠯᠡ ᠦᠢᠯᠡᠳᠬᠦ ᠶᠢ ᠵᠦᠢᠷᠯᠡᠨ ᠢᠯᠡᠳᠭᠡᠳᠡᠭ ᠪᠤᠯᠪᠠ᠃ 《ᠯᠠᠢᠴᠢᠩ ᠪᠠᠭᠤᠬᠤ》 ᠭᠡᠵᠦ ᠪᠦᠬᠡ ᠣᠷᠤᠰᠢᠬᠤ ᠶᠢ ᠵᠢᠭᠠᠭᠰᠠᠨ ᠤᠳᠬ᠎ᠠ ᠲᠠᠢ ᠪᠠᠢᠭᠰᠠᠨ ᠠᠴᠠ ᠪᠠᠨ ᠣᠳᠣ ᠳᠤ ᠵᠦᠭ ᠴᠢᠭ ᠦᠭᠡᠢ ᠶᠡᠬᠡᠲᠡ ᠵᠠᠩᠨᠠᠵᠤ ᠠᠭᠠᠰᠢᠯᠠᠬᠤ ᠶᠢ ᠵᠦᠷᠯᠡᠨ ᠢᠯᠡᠳᠭᠡᠳᠡᠭ ᠪᠤᠯᠵᠠᠢ᠃
原文 没有原文
出自 内蒙古民族大学学报(社会科学) 2015年 第4期

联系我们


内蒙古大学图书馆
呼和浩特市大学西路235号
中国·内蒙古
P: (0471) 4992561
E: huangfeilong@imu.edu.cn