题名 |
ᠬᠤᠭᠤᠷ ᠤᠨ ᠦᠯᠢᠭᠡᠷ ᠢ ᠬᠠᠮᠠᠭᠠᠯᠠᠵᠤ ᠬᠦᠭ᠍ᠵᠢᠭᠦᠯᠬᠦ ᠲᠤᠬᠠᠢ ᠦᠭᠦᠯᠡᠬᠦ ᠨᠢ |
作者 |
ᠪᠤᠤ ᠢᠦᠢ ᠵᠦ |
关键词 |
ᠬᠤᠭᠤᠷ ᠤᠨ ᠦᠯᠢᠭᠡᠷ; ᠬᠠᠮᠠᠭᠠᠯᠠᠯᠳᠠ; ᠬᠦᠭ᠍ᠵᠢᠭᠦᠯᠦᠯᠳᠡ; |
摘要 |
ᠬᠤᠭᠤᠷ ᠤᠨ ᠦᠯᠢᠭᠡᠷ ᠪᠤᠯ ᠮᠤᠩᠭ᠋ᠤᠯ ᠦᠨᠳᠦᠰᠦᠳᠡᠨ ᠪᠠ ᠪᠤᠰᠤᠳ ᠠᠬ᠎ᠠ ᠲᠡᠭᠦᠦ ᠦᠨᠳᠦᠰᠦᠳᠡᠨ ᠤ ᠡᠷᠳᠡᠨ ᠡᠳᠦᠭᠡ ᠶᠢᠨ ᠠᠮᠢᠳᠤᠷᠠᠯ ᠶᠢᠡᠷ ᠰᠡᠳᠦᠪᠯᠡᠵᠦ᠂ ᠪᠠᠭᠠᠳᠤᠷ ᠤᠨ ᠲᠦᠷᠢ ᠪᠠ ᠪᠦᠷᠢᠨ ᠪᠦᠳᠦᠨ ᠦᠢᠯᠡ ᠶᠠᠪᠤᠳᠠᠯ ᠪᠦᠬᠦᠢ ᠦᠯᠢᠭᠡᠷ ᠢ ᠲᠦᠷᠪᠡᠨ ᠤᠳᠠᠰᠤᠳᠤ ᠬᠤᠭᠤᠷ ᠶᠢᠡᠷ ᠬᠠᠪᠰᠤᠷᠭᠠᠨ ᠬᠦᠦᠷᠨᠢᠯ ᠤᠨ ᠬᠡᠯᠪᠡᠷᠢ ᠪᠠ ᠰᠢᠯᠦᠭᠯᠡᠬᠦ ᠬᠡᠯᠪᠡᠷᠢ ᠶᠢ ᠤᠶᠠᠯᠳᠤᠭᠤᠯᠵᠤ ᠠᠶᠠᠯᠭᠤᠯᠠᠨ ᠶᠠᠷᠢᠳᠠᠭ ᠨᠢᠭᠡ ᠵᠦᠢᠯ ᠤᠨ ᠲᠠᠭᠤᠯᠠᠬᠤᠢ ᠶᠢᠨ ᠤᠷᠠᠯᠢᠭ ᠮᠦᠨ᠃ ᠬᠤᠭᠤᠷ ᠤᠨ ᠦᠯᠢᠭᠡᠷ ᠤᠨ ᠡᠭᠦᠰᠦᠯ ᠨᠢ ᠮᠤᠩᠭ᠋ᠤᠯᠴᠤᠳ ᠤᠨ ᠠᠵᠤ ᠦᠢᠯᠡᠳᠪᠦᠷᠢᠯᠡᠯ ᠤᠨ ᠬᠡᠯᠪᠡᠷᠢ ᠶᠢᠨ ᠬᠤᠪᠢᠷᠠᠯ᠂ ᠢᠯᠠᠩᠭ᠋ᠤᠶ᠎ᠠ ᠪᠤᠰᠤᠳ ᠦᠨᠳᠦᠰᠦᠳᠡᠨ ᠯᠤᠭᠡ ᠶᠢᠨ ᠰᠤᠶᠤᠯ ᠤᠨ ᠨᠦᠯᠦᠭᠡᠯᠡᠯᠴᠡᠯ ᠲᠠᠢ ᠨᠢᠭ᠌ᠳᠠ ᠬᠤᠯᠪᠤᠭ᠎ᠠ ᠲᠠᠢ᠃ᠬᠤᠭᠤᠷ ᠤᠨ ᠦᠯᠢᠭᠡᠷ ᠠᠷᠪᠠᠨ ᠲᠤᠯᠤᠳᠤᠭᠠᠷ ᠵᠠᠭᠤᠨ ᠳᠤ ᠦᠪᠦᠷ ᠮᠤᠩᠭ᠋ᠤᠯ ᠤᠨ ᠵᠤᠰᠤᠳᠤ ᠶᠢᠨ ᠴᠢᠭᠤᠯᠭᠠᠨ ᠤ ᠲᠦᠮᠡᠳ ᠵᠡᠭᠦᠨ ᠬᠤᠰᠢᠭᠤᠨ ᠳᠤ ᠡᠭᠦᠰᠴᠦ᠂ ᠠᠭᠠᠵᠢᠮ ᠶᠢᠡᠷ ᠲᠤᠭᠳᠠᠪᠤᠷᠢᠵᠢᠵᠤ ᠤᠯᠠᠮᠵᠢᠯᠠᠭᠳᠠᠨ ᠲᠡᠯᠭᠡᠷᠡᠭᠡᠳ ᠪᠦᠬᠦᠢ᠌ᠯᠡ ᠵᠡᠭᠦᠨ ᠤᠷᠤᠨ ᠤ ᠮᠤᠩᠭ᠋ᠤᠯᠴᠤᠳ ᠤᠨ ᠲᠤᠮᠳᠠ ᠲᠠᠷᠬᠠᠭᠰᠠᠨ ᠶᠢᠡᠷ ᠦᠯᠦ ᠪᠠᠷᠠᠨ᠂ ᠮᠤᠩᠭ᠋ᠤᠯ ᠤᠯᠤᠰ ᠤᠨ ᠲᠤᠷᠤᠨᠠᠳᠤ ᠠᠢ᠌ᠮᠠᠭ᠂ ᠲᠦᠪ ᠠᠢ᠌ᠮᠠᠭ ᠬᠦᠷᠳᠡᠯ᠎ᠡ ᠲᠠᠷᠬᠠᠵᠤ ᠲᠤᠩ ᠶᠡᠬᠡ ᠬᠦᠭ᠍ᠵᠢᠯᠳᠡ ᠲᠠᠢ ᠪᠠᠢ᠌ᠵᠠᠢ᠃
ᠡᠨᠡ ᠬᠦ ᠭᠤᠷᠪᠠᠨ ᠵᠠᠭᠤ ᠭᠠᠷᠤᠢ ᠵᠢᠯ ᠤᠨ ᠲᠡᠦᠬᠡ ᠲᠠᠢ ᠬᠤᠭᠤᠷ ᠤᠨ ᠦᠯᠢᠭᠡᠷ ᠤᠳᠤ ᠤᠰᠠᠳᠬᠤ ᠠᠶᠤᠯ ᠳᠤ ᠲᠤᠯᠭᠠᠷᠠᠵᠤ ᠪᠠᠢ᠌ᠨ᠎ᠡ᠃ ᠡᠢ᠌ᠮᠤ ᠡᠴᠡ ᠬᠤᠭᠤᠷ ᠤᠨ ᠦᠯᠢᠭᠡᠷ ᠤᠳᠤ ᠤᠰᠠᠳᠬᠤ ᠠᠶᠤᠯ ᠳᠤ ᠲᠤᠯᠭᠠᠷᠠᠵᠤ ᠪᠠᠢ᠌ᠨ᠎ᠠ᠃ ᠡᠢ᠌ᠮᠦ ᠡᠴᠡ ᠬᠤᠭᠤᠷ ᠤᠨ ᠦᠯᠢᠭᠡᠷ ᠢ ᠠᠪᠤᠷᠠᠨ ᠬᠠᠮᠠᠭᠠᠯᠠᠵᠤ ᠴᠠᠭᠠᠰᠢᠳᠠ ᠲᠡᠯᠭᠡᠷᠡᠭᠦᠯᠵᠦ ᠬᠦᠭ᠍ᠵᠢᠭᠦᠯᠬᠦ ᠨᠢ ᠮᠠᠨ ᠤ ᠡᠮᠦᠨ᠎ᠡ ᠲᠤᠯᠭᠠᠷᠠᠵᠤ ᠪᠠᠢ᠌ᠭ᠎ᠠ ᠴᠢᠬᠤᠯᠠ ᠠᠰᠠᠭᠤᠳᠠᠯ ᠪᠤᠯᠤᠨ᠎ᠠ᠃ |
原文 |
查看原文
|
出自 |
赤峰学院学报(蒙文哲学社会科学版)
2015年
第5期
|