摘要 |
ᠲᠤᠰ ᠦᠭᠦᠯᠡᠯ ᠳᠦ ᠵᠤᠬᠢᠶᠠᠭᠴᠢ ᠠᠴᠠ ᠡᠵᠡᠨ ᠲᠤᠪᠤ ᠰᠤᠳᠤᠯᠤᠭᠴᠢ ᠶᠢᠨ ᠦᠭᠦᠯᠡᠭᠦᠨ ᠢᠶᠡᠷ ᠲᠦᠪ ᠪᠤᠯᠭ᠋ᠠᠬᠤ ᠦᠵᠡᠯᠲᠡ ᠶᠢ ᠪᠠᠷᠢᠮᠲᠠᠯᠠᠨ᠂ ᠦᠭᠦᠯᠡᠪᠦᠷᠢ ᠳᠦ ᠬᠡᠯᠡ ᠵᠦᠢ᠂ ᠤᠳᠬ᠎ᠠ ᠵᠦᠢ ᠪᠤᠯᠤᠨ ᠮᠡᠳᠡᠭᠳᠡᠯ ᠵᠦᠢ ᠶᠢᠨ ᠵᠠᠳᠠᠯᠤᠯᠲᠠ ᠬᠢ᠂ ᠦᠭᠦᠯᠡᠪᠦᠷᠢ ᠶᠢᠨ ᠦᠨᠳᠦᠰᠦᠨ ᠣᠨᠴᠠᠯᠢᠭ ᠤᠨ ᠲᠤᠬᠠᠢ (1) ᠦᠭᠦᠯᠡᠭᠦᠨ ᠨᠢ ᠦᠭᠦᠯᠡᠭᠳᠡᠭᠦᠨ ᠢᠶᠡᠨ ᠵᠠᠬᠢᠷᠤᠨ᠎ᠠ᠂ (2) ᠦᠭᠦᠯᠡᠭᠦᠨ ᠨᠢ ᠭᠤᠤᠯᠯᠠᠬᠤ ᠪᠠᠢᠷᠢ ᠰᠠᠭ᠋ᠤᠷᠢ ᠡᠵᠡᠯᠡᠨ᠎ᠡ᠂ (3) ᠦᠭᠦᠯᠡᠭᠳᠡᠭᠦᠨ ᠲᠤᠰᠤᠳᠭᠳᠠᠬᠤᠨ ᠬᠤᠶᠠᠷ ᠢᠵᠢᠯ ᠪᠠᠢᠷᠢ ᠰᠠᠭ᠋ᠤᠷᠢ ᠲᠠᠢ ᠭᠡᠰᠡᠨ ᠰᠠᠨ᠋ᠠᠯ ᠵᠦᠪᠯᠡᠯᠭᠡᠨ ᠳᠤᠷᠠᠳᠪᠠ᠃ ᠲᠤᠰ ᠦᠭᠦᠯᠡᠯ ᠦᠨ ᠨᠢᠭᠳᠦᠭᠡᠷ ᠬᠡᠰᠡᠭ ᠲᠦ᠂ ᠪᠦᠲᠦᠴᠡ ᠦᠵᠡᠯ ᠦᠨ ᠬᠠᠷᠢᠴᠠᠩ᠋ᠭᠤᠢ ᠰᠢᠨᠵᠢ ᠶᠢᠨ ᠵᠠᠷᠢᠮ ᠢᠶᠠᠷ ᠦᠭᠦᠯᠡᠪᠦᠷᠢ ᠪᠡ ᠬᠤᠯᠪᠤᠭ᠎ᠠ ᠦᠭᠡ ᠶᠢᠨ ᠪᠦᠲᠦᠴᠡ ᠶᠢ ᠵᠠᠳᠠᠯᠤᠨ ᠰᠢᠨᠵᠢᠯᠡᠵᠦ᠂ ᠦᠭᠦᠯᠡᠭᠦᠨ ᠨᠢ ᠦᠭᠦᠯᠡᠭᠳᠡᠭᠦᠨ ᠢᠶᠡᠨ ᠵᠠᠬᠢᠷᠬᠤ ᠭᠡᠰᠡᠨ ᠦᠵᠡᠯᠲᠡ ᠪᠡᠨ ᠳᠠᠷᠠᠭ᠋ᠠᠬᠢ ᠬᠤᠶᠠᠷ ᠲᠠᠯ᠎ᠠ ᠠᠴᠠ ᠲᠠᠢᠯᠪᠤᠷᠢᠯᠠᠪᠠ᠄ ᠨᠢᠭᠡ ᠳᠦ᠂ ᠦᠭᠦᠯᠡᠭᠳᠡᠭᠦᠨ ᠦᠭᠦᠯᠡᠭᠦᠨ ᠦ ᠬᠠᠷᠢᠴᠠᠭ᠎ᠠ ᠪᠠ ᠦᠭᠡᠰ ᠦᠨ ᠳᠠᠷᠠᠭ᠋ᠠᠯᠠᠯ ᠤᠨ ᠣᠨᠴᠠᠯᠢᠭ ᠠᠴᠠ ᠦᠵᠡᠪᠡᠯ᠂ ᠬᠤᠯᠪᠤᠭ᠎ᠠ ᠦᠭᠡ ᠶᠢᠨ ᠲᠦᠪᠰᠢᠨ ᠳᠦ ᠳᠠᠭ᠋ᠠᠭ᠋ᠤᠯᠢ ᠦᠭᠡ ᠨᠢ ᠭᠤᠤᠯᠯᠠᠬᠤ ᠦᠭᠡᠨ ᠳᠡᠭᠡᠨ ᠵᠠᠬᠢᠷᠤᠭᠳᠠᠬᠤ ᠦᠨᠳᠦᠰᠦᠨ ᠳᠦᠷᠢᠮ ᠦᠨ ᠶᠤᠰᠤᠭ᠋ᠠᠷ᠂ ᠦᠭᠦᠯᠡᠭᠳᠡᠭᠦᠢ ᠨᠢ ᠦᠭᠦᠯᠡᠭᠦᠢ ᠳᠡᠭᠡᠨ ᠵᠠᠬᠢᠷᠤᠭᠳᠠᠨ᠎ᠠ ᠭᠡᠵᠡᠢ᠃ ᠬᠤᠶᠠᠷ ᠲᠤ᠂ ᠦᠭᠦᠯᠡᠭᠳᠡᠭᠦᠨ ᠦᠭᠦᠯᠡᠭᠦᠨ ᠦ ᠬᠠᠷᠢᠴᠠᠭ᠎ᠠ ᠪᠠ ᠲᠡᠢᠨ ᠢᠯᠭ᠋ᠠᠯ ᠤᠨ ᠣᠨᠴᠠᠯᠢᠭ ᠠᠴᠠ ᠦᠵᠡᠪᠡᠯ᠂ ᠦᠭᠦᠯᠡᠪᠦᠷᠢ ᠶᠢᠨ ᠲᠦᠪᠰᠢᠨ ᠳᠦ ᠦᠭᠦᠯᠡᠭᠳᠡᠭᠦᠨ ᠨᠢ ᠬᠤᠤᠰᠮᠠᠭ ᠰᠢᠨᠵᠢᠲᠡᠢ ᠪᠦᠭᠡᠳ ᠶᠠᠮᠠᠷ ᠲᠡᠢᠨ ᠢᠯᠭ᠋ᠠᠯ ᠢᠶᠠᠷ ᠪᠠᠢᠳᠠᠭ ᠢ ᠦᠭᠦᠯᠡᠭᠦᠨ ᠦ ᠦᠭᠡᠰ ᠦᠨ ᠰᠠᠩ — ᠬᠡᠯᠡ ᠵᠦᠢ ᠶᠢᠨ ᠰᠢᠨᠵᠢ ᠴᠢᠨ᠋ᠠᠷ ᠣᠨᠴᠠᠯᠢᠭ ᠪᠠ ᠢᠯᠭ᠋ᠠᠨ ᠲᠤᠭᠲᠠᠭ᠋ᠠᠬᠤ ᠬᠡᠮᠨ᠋ᠡᠭᠦᠷ ᠰᠢᠢᠳᠪᠦᠷᠢᠯᠡᠨ᠎ᠡ ᠭᠡᠪᠡ᠃ ᠬᠤᠶᠠᠳᠤᠭ᠋ᠠᠷ ᠬᠡᠰᠡᠭ ᠲᠦ᠂ ᠦᠭᠦᠯᠡᠭᠦᠨ ᠨᠢ ᠦᠭᠦᠯᠡᠭᠳᠡᠭᠦᠨ ᠢᠶᠡᠨ ᠵᠠᠬᠢᠷᠬᠤ ᠦᠵᠡᠯᠲᠡ ᠪᠡᠷ ᠬᠡᠯᠡᠪᠡᠯ᠂ ᠦᠭᠦᠯᠡᠭᠳᠡᠭᠦᠨ ᠦ ᠬᠡᠯᠡ ᠵᠦᠢ ᠶᠢᠨ ᠪᠠᠢᠷᠢ ᠰᠠᠭ᠋ᠤᠷᠢ ᠨᠢ ᠦᠭᠦᠯᠡᠭᠦᠨ ᠡᠴᠡ ᠳᠤᠤᠷ᠎ᠠ ᠪᠠᠢᠳᠠᠭ᠂ ᠲᠡᠭᠦᠨ ᠢ ᠵᠠᠬᠢᠷᠤᠭᠳᠠᠬᠤ ᠪᠦᠷᠢᠯᠳᠦᠵᠭᠦᠨ ᠦ ᠪᠠᠷᠢᠨ ᠳᠤ ᠣᠷᠤᠭ᠋ᠤᠯᠵᠤ ᠳᠤᠰᠤᠭᠳᠠᠬᠤᠨ ᠲᠠᠢ ᠢᠵᠢᠯ ᠲᠦᠷᠦᠯ ᠦᠨ ᠶᠠᠭ᠋ᠤᠮᠠ ᠪᠠᠷ ᠦᠵᠡᠵᠦ ᠪᠤᠯᠬᠤ ᠶᠤᠮ ᠭᠡᠵᠡᠢ᠃ ᠡᠭᠦᠨ ᠡᠴᠡ ᠦᠨᠳᠦᠰᠦᠯᠡᠨ᠂ ᠦᠭᠦᠯᠡᠭᠦᠨ ᠦ ᠭᠤᠤᠯᠯᠠᠬᠤ ᠪᠠᠢᠷ ᠰᠠᠭ᠋ᠤᠷᠢ ᠪᠠ ᠦᠭᠦᠯᠡᠭᠳᠡᠭᠦᠨ ᠳᠤᠰᠤᠭᠳᠠᠬᠨᠤᠨ ᠤ ᠢᠵᠢᠯ ᠪᠠᠷᠢ ᠰᠠᠭ᠋ᠤᠷᠢ ᠶᠢᠨ ᠲᠤᠬᠠᠢ ᠵᠠᠳᠠᠯᠤᠨ ᠰᠢᠨᠵᠢᠯᠡᠵᠦ᠂ ᠦᠭᠦᠯᠡᠪᠦᠷᠢ ᠶᠢᠨ ᠳᠤᠲᠤᠷ᠎ᠠ ᠬᠡᠯᠡ ᠵᠦᠢ ᠶᠢᠨ ᠪᠡ ᠤᠳᠬ᠎ᠠ ᠵᠦᠢ ᠶᠢᠨ ᠠᠯᠢ ᠲᠠᠯ᠎ᠠ ᠪᠠᠷ ᠬᠡᠯᠡᠭᠰᠡᠨ ᠴᠦ ᠭᠠᠭᠴᠠ ᠭᠦ ᠦᠭᠦᠯᠡᠭᠦᠨ ᠨᠢ ᠲᠦᠪ ᠪᠤᠯᠬᠤ ᠭᠡᠰᠡᠨ ᠳ᠋ᠦᠩᠨ᠋ᠡᠯᠲᠡ ᠬᠢᠵᠡᠢ᠃ |