摘要 |
ᠮᠠᠰᠢ ᠤᠯᠠᠨ ᠲᠡᠦᠬᠡᠨ ᠪᠢᠴᠢᠭ᠌ ᠲᠤ ᠴᠢᠩᠭᠢᠰ ᠬᠠᠭᠠᠨ ᠢ ᠮᠣᠩᠭᠣᠯ ᠦᠨᠳᠦᠰᠦᠳᠡᠨ ᠦ ᠠᠭᠤᠤ ᠶᠡᠬᠡ ᠪᠠᠭᠠᠳᠤᠷ ᠬᠥᠮᠥᠨ᠂ ᠬᠦᠨ ᠪᠤᠳᠤᠯᠭ᠎ᠠ ᠲᠠᠢ ᠠᠯᠤᠰ ᠬᠠᠷᠠᠯᠲᠠ ᠲᠠᠢ ᠂ ᠤᠯᠤᠰ ᠲᠦᠷᠦ ᠶᠢᠨ ᠵᠢᠳᠭᠦᠯᠳᠡᠨ ᠂ ᠴᠡᠷᠢᠭ ᠲᠠᠢ᠌ᠨ ᠦ ᠭᠠᠷᠮᠠᠭᠠᠢ ᠡᠷᠳᠡᠮᠳᠡᠨ ᠭᠡᠵᠦ ᠦᠨᠡᠯᠡᠭᠰᠡᠨ ᠪᠠᠢ᠌ᠳᠠᠭ᠃ ᠤᠵᠠᠭᠠᠷ ᠴᠠᠭ ᠦᠶ ᠠ ᠳᠤ ᠤᠨᠴᠠᠭᠠᠢ ᠠᠷᠭ᠎ᠠ ᠬᠡᠯᠪᠡᠷᠢ ᠪᠠᠷ ᠤᠷᠤᠰᠢᠨ ᠲᠤᠭᠳᠠᠨᠢᠬᠤ ᠳᠤᠮᠲᠠ ᠴᠢᠩᠭᠢᠰ ᠵᠤᠷᠢᠭ ᠰᠦᠰᠦ ᠲᠠᠢ ᠮᠦᠷᠳᠡᠭᠡᠨ ᠠᠷᠭ᠎ᠠ ᠤᠬᠭᠠᠨ ᠲᠠᠢ ᠡᠷ ᠡ ᠪᠤᠯᠤᠨ ᠬᠥᠮᠥᠵᠢᠵᠦ᠂ ᠬᠤᠵᠢᠮ ᠤᠨ ᠤᠯᠤᠰ ᠭᠡᠷ ᠪᠠᠢ᠌ᠭᠤᠯᠬᠤ ᠲᠠᠢ᠌ᠨ ᠦ ᠠᠷᠭ᠎ᠠ ᠳᠤᠷᠰᠢᠯᠭ᠎ᠠ ᠶᠢ ᠪᠦᠷᠢᠯᠳᠦᠭᠦᠯᠵᠦ ᠂ ᠬᠤᠵᠢᠮ ᠤᠨ ᠬᠥᠮᠥᠰ ᠲᠤ 《ᠴᠡᠷᠢᠭ ᠬᠡᠷᠡᠭᠯᠡᠬᠦ ᠳᠡᠭᠡᠨ ᠰᠠᠬᠢᠭᠤᠯᠰᠤᠨ ᠮᠡᠲᠤ》᠂《ᠨᠢᠭᠡᠨ ᠦᠶ ᠠ ᠶᠢᠨ ᠳᠡᠭᠷᠢᠯᠢᠭ ᠬᠦᠪᠡᠭᠦᠨ》ᠭᠡᠬᠦ ᠨᠡᠷ ᠡ ᠠᠯᠲᠠᠷ ᠢ ᠦᠯᠡᠳᠡᠭᠡᠭ᠍ᠰᠡᠨ ᠪᠢᠯᠡ᠃ |