摘要 |
《ᠪᠤᠷᠬᠠᠨ ᠤ ᠠᠷᠪᠠᠨ ᠬᠤᠶᠠᠷ ᠵᠤᠬᠢᠴᠠᠩ᠋ᠭᠤᠢ》 ᠭᠡᠬᠦ ᠠᠭ᠋ᠤᠤ ᠶᠡᠬᠡ ᠪᠦᠲᠦᠭᠡᠯ ᠢ ᠶᠤᠸᠠᠨ ᠤᠯᠤᠰ ᠤᠨ ᠦᠶ᠎ᠡ ᠶᠢᠨ ᠪᠤᠷᠬᠠᠨ ᠤ ᠨᠤᠮ ᠤᠨ ᠠᠯᠳᠠᠷᠲᠤ ᠣᠷᠴᠢᠭ᠋ᠤᠯᠤᠭᠴᠢ ᠴᠤᠰᠺᠢ ᠤᠳ᠋ ᠽᠠᠷ (ᠴᠤᠢᠵᠢᠨᠤᠳᠰᠠᠷ) ᠪᠠᠷ ᠲᠦᠪᠡᠳ ᠢᠶᠡᠷ ᠨᠠᠢᠷᠠᠭ᠋ᠤᠯᠵᠤ᠂ ᠰᠠᠬᠢᠶ᠎ᠠ ᠯᠠᠮᠠ ᠰᠢᠷᠪᠡᠰᠡᠩᠭᠡ ᠪᠡᠷ ᠮᠣᠩᠭᠤᠯ ᠢᠶᠠᠷ ᠣᠷᠴᠢᠭ᠋ᠤᠯᠤᠨ ᠣᠷᠤᠰᠢᠭ᠋ᠤᠯᠤᠭᠰᠠᠨ ᠪᠢᠯᠡ᠃ ᠲᠤᠰ ᠦᠭᠦᠯᠡᠯ ᠳᠦ (ᠨᠢᠭᠡ) 《ᠪᠤᠷᠬᠠᠨ ᠤ ᠠᠷᠪᠠᠨ ᠬᠤᠶᠠᠷ ᠵᠤᠬᠢᠴᠠᠩᠭ᠋ᠤᠢ》 ᠨᠤᠮ ᠤᠨ ᠲᠤᠢᠮᠤ ᠪᠠᠢᠳᠠᠯ; (ᠬᠤᠶᠠᠷ) 《ᠪᠤᠷᠬᠠᠨ ᠤ ᠠᠷᠪᠠᠨ ᠬᠤᠶᠠᠷ ᠵᠤᠬᠢᠴᠠᠩ᠋ᠭᠤᠢ》 ᠨᠤᠮ ᠤᠨ ᠠᠭ᠋ᠤᠯᠭ᠎ᠠ᠂ ᠬᠡᠯᠪᠡᠷᠢ᠂ ᠬᠡᠪ ᠨᠠᠮᠪᠠ; (ᠭᠤᠷᠪᠠ) 《ᠪᠤᠷᠬᠠᠨ ᠤ ᠠᠷᠪᠠᠨ ᠬᠤᠶᠠᠷ ᠵᠤᠬᠢᠴᠠᠩ᠋ᠭᠤᠢ》 ᠨᠤᠮ ᠤᠨ ᠡᠬᠡ ᠪᠢᠴᠢᠭ ᠬᠢᠭᠡᠳ ᠮᠠᠲ᠋ᠧᠷᠢᠶᠠᠯ ᠤᠨ ᠢᠷᠡᠯᠲᠡ; (ᠳᠦᠷᠪᠡ) 《ᠪᠤᠷᠬᠠᠨ ᠤ ᠠᠷᠪᠠᠨ ᠬᠤᠶᠠᠷ ᠵᠤᠬᠢᠴᠠᠩᠭ᠋ᠤᠢ》 ᠨᠤᠮ ᠤᠨ ᠬᠤᠯᠪᠤᠭᠳᠠᠯ ᠪᠦᠬᠦᠢ ᠨᠤᠮ ᠵᠤᠬᠢᠶᠠᠯ ᠯᠤᠭ᠎ᠠ ᠶᠢᠨ ᠬᠠᠷᠢᠴᠠᠭ᠎ᠠ ᠬᠤᠯᠪᠤᠭ᠎ᠠ ᠬᠢᠭᠡᠳ ᠬᠤᠵᠢᠮ ᠤᠨ ᠮᠣᠩᠭᠤᠯ ᠨᠠᠮᠳᠠᠷ ᠵᠤᠬᠢᠶᠠᠯ ᠳᠤ ᠦᠵᠡᠭᠦᠯᠦᠭᠰᠡᠨ ᠨᠦᠯᠦᠭᠡ ᠭᠡᠬᠦ ᠳᠦᠷᠪᠡᠨ ᠰᠡᠳᠦᠪ ᠢᠶᠡᠷ ᠨᠠᠷᠢᠨ ᠰᠢᠷᠬᠡᠭᠴᠢᠯᠡᠨ ᠦᠭᠦᠯᠡᠵᠡᠢ᠃ |