论文信息


题名 ᠢᠨᠵᠠᠨᠨᠠᠰᠢ ᠬᠢᠭᠡᠳ ᠵᠤᠰᠤᠲᠤ ᠶᠢᠨ ᠰᠤᠶᠤᠯ
作者 ᠢ‍ · ᠬᠦᠴᠦᠨ
关键词 ᠢᠨᠵᠠᠨᠨᠠᠰᠢ
摘要 ᠢᠨᠵᠠᠨᠨ᠋ᠠᠰᠢ ᠬᠢᠭᠡᠳ ᠵᠤᠰᠤᠲᠤ ᠶᠢᠨ ᠰᠤᠶᠤᠯ ᠤᠨ ᠬᠠᠷᠢᠴᠠᠭ᠎ᠠ ᠬᠤᠯᠪᠤᠭ᠎ᠠ ᠶᠢᠨ ᠰᠤᠳᠤᠯᠭ᠋ᠠᠨ ᠪᠤᠯ ᠢᠨᠵᠠᠨᠨ᠋ᠠᠰᠢ ᠶᠢᠨ ᠰᠤᠳᠤᠯᠤᠯ ᠤᠨ ᠴᠢᠬᠤᠯᠠ ᠪᠦᠷᠢᠯᠳᠦᠭᠦᠨ ᠬᠡᠰᠡᠭ ᠪᠤᠯᠤᠨ᠎ᠠ᠃ ᠲᠡᠷᠡ ᠨᠢ ᠢᠨᠵᠠᠨᠨ᠋ᠠᠰᠢ ᠶᠢᠨ ᠲᠤᠰ ᠪᠡᠶ᠎ᠡ ᠵᠢᠴᠢ ᠵᠤᠬᠢᠶᠠᠯ ᠪᠦᠲᠦᠭᠡᠯ ᠢ ᠵᠦᠪ ᠢᠶᠡᠷ ᠣᠢᠯᠠᠭ᠋ᠠᠵᠤ ᠦᠨ᠋ᠡᠯᠡᠬᠦ ᠶᠢᠨ ᠬᠠᠮᠤᠭ ᠠᠴᠠ ᠨᠠᠢᠳᠠᠪᠤᠷᠢᠲᠠᠢ ᠠᠷᠭ᠎ᠠ ᠵᠠᠮ ᠶᠤᠮ᠃ ᠦᠩᠭᠡᠷᠡᠭᠰᠡᠨ ᠳᠦ ᠤᠷᠲᠤ ᠬᠤᠭ᠋ᠤᠴᠠᠭ᠎ᠠ ᠪᠠᠷ ᠣᠯᠠᠨᠲᠠ ᠮᠠᠷᠭ᠋ᠤᠯᠳᠤᠨ ᠶᠠᠷᠢᠯᠴᠠᠵᠤ ᠲᠤᠳᠤᠷᠬᠠᠢᠯᠠᠵᠤ ᠳᠡᠢᠯᠦᠭᠡ ᠦᠭᠡᠢ ᠵᠤᠢᠯ᠂ ᠡᠰᠡᠭᠦᠯ᠎ᠡ ᠬᠠᠯᠠᠭ᠋ᠤ ᠲᠠᠨ᠋ᠢᠭᠳᠠᠭᠰᠠᠨ ᠵᠤᠢᠯ ᠢ ᠡᠨ᠋ᠡ ᠲᠠᠯ᠎ᠠ ᠠᠴᠠ ᠰᠢᠨᠵᠢᠪᠡᠯ ᠵᠠᠷᠢᠮ ᠨᠢ ᠬᠠᠷᠢᠨ ᠮᠠᠰᠢ ᠳᠦᠭᠦᠮ ᠢᠶᠡᠷ ᠢᠯᠭ᠋ᠠᠷᠠᠨ ᠲᠤᠳᠤᠷᠠᠵᠤ ᠠᠮᠠᠷᠬᠠᠨ ᠰᠢᠳᠪᠦᠷᠢᠯᠡᠭᠳᠡᠳᠡᠭ᠌᠃ ᠲᠤᠰ ᠦᠭᠦᠯᠡᠯ ᠳᠦ ᠢᠨᠵᠠᠨᠨ᠋ᠠᠰᠢ ᠬᠢᠭᠡᠳ ᠵᠤᠰᠤᠲᠤ ᠶᠢᠨ ᠰᠤᠶᠤᠯ ᠤᠨ ᠲᠤᠬᠠᠢ ᠭᠤᠤᠯᠳᠠᠭ᠋ᠤ ᠳᠤᠤᠷᠠᠬᠢ ᠮᠡᠲᠦ ᠵᠢᠷᠭ᠋ᠤᠭ᠋ᠠᠨ ᠲᠠᠯ᠎ ᠠ ᠪᠠᠷ ᠦᠭᠦᠯᠡᠭᠰᠡᠨ ᠪᠠᠢᠨ᠎ᠠ᠄ ᠨᠢᠭᠡ᠂ ᠵᠤᠰᠤᠲᠤ ᠶᠢᠨ ᠰᠤᠶᠤᠯ ᠤᠨ ᠣᠷᠤᠨ ᠬᠢᠭᠡᠳ ᠲᠡᠭᠦᠨ ᠦ ᠭᠤᠤᠯ ᠲᠡᠮᠳᠡᠭ ᠢᠯᠡᠷᠡᠯ; ᠬᠤᠶᠠᠷ᠂ ᠮᠠᠨᠵᠤ ᠮᠣᠩᠭᠤᠯ ᠤᠨ ᠤᠷᠤᠭ ᠤᠨ ᠬᠤᠯᠪᠤᠭ᠎ᠠ ᠬᠢᠭᠡᠳ ᠳᠠᠢᠵᠢ ᠳᠠᠪᠤᠨ᠋ᠠᠩ ᠤᠨ ᠰᠤᠯᠢᠶ᠎ᠠ ᠤᠷᠤᠭ; ᠭᠤᠷᠪᠠ᠂ 《ᠡᠵᠡᠨ》《ᠲᠦᠰᠢᠮᠡᠯ》 ᠦᠨ ᠬᠡᠷᠡᠭᠦᠯ 《ᠭᠤᠤᠯ》《ᠳᠡᠳ᠋》 ᠦᠨ ᠮᠠᠷᠭ᠋ᠤᠭ᠋ᠠᠨ; ᠳᠦᠷᠪᠡ᠂ ᠬᠢᠲᠠᠳ ᠮᠣᠩᠭᠤᠯ ᠤᠨ ᠬᠠᠷᠢᠯᠴᠠᠭ᠎ᠠ ᠳᠤᠮᠳᠠᠬᠢ ᠰᠤᠶᠤᠯ ᠢᠶᠠᠷ ᠦᠷᠢᠰᠦᠯᠳᠦᠬᠦ ᠤᠬᠠᠮᠰᠠᠷ; ᠲᠠᠪᠤ᠂ ᠴᠠᠭ ᠤᠨ ᠭᠠᠴᠢᠭ ᠬᠢᠭᠡᠳ ᠠᠵᠤ ᠠᠮᠢᠳᠤᠷᠠᠯ ᠢ ᠵᠤᠬᠢᠰᠲᠠᠢ ᠡᠵᠡᠩᠨ᠋ᠡᠬᠦ ᠤᠬᠠᠮᠰᠠᠷ; ᠵᠢᠷᠭ᠋ᠤᠭ᠎ᠠ᠂ ᠰᠤᠶᠤᠯ ᠭᠡᠭᠡᠷᠡᠯ ᠳᠦ ᠲᠡᠮᠡᠦᠯᠡᠬᠦ ᠪᠡ ᠬᠠᠰ ᠢᠦ ᠡᠷᠬᠢᠮᠯᠡᠬᠦ ᠬᠦᠭᠡᠭᠡᠴᠡᠯᠳᠦᠯ ᠵᠡᠷᠭᠡ ᠡᠳᠡᠭᠡᠷ ᠪᠤᠯᠤᠨ᠎ᠠ᠃ ᠢᠯᠠᠩᠭ᠋ᠤᠶ᠎ᠠ ᠮᠣᠩᠭᠤᠯ ᠬᠢᠲᠠᠳ ᠮᠠᠨᠵᠤ ᠦᠨᠳᠦᠰᠦᠲᠡᠨ ᠦ ᠬᠠᠷᠢᠯᠴᠠᠭ᠎ᠠ ᠶᠠᠪᠤᠯᠴᠠᠭ᠋ᠠᠨ ᠤ ᠰᠢᠨᠵᠢ᠂ ᠮᠠᠯ ᠲᠠᠷᠢᠶᠠᠯᠠᠩ ᠬᠤᠤᠰᠯᠠᠭᠰᠠᠨ ᠰᠢᠨᠵᠢ᠂ ᠣᠯᠠᠨ ᠱᠠᠰᠢᠨ ᠵᠡᠷᠭᠡᠴᠡᠨ ᠣᠷᠤᠰᠢᠭᠰᠠᠨ ᠰᠢᠨᠵᠢ᠂ ᠣᠯᠠᠨ ᠰᠤᠶᠤᠯ ᠤᠨ ᠠᠭ᠋ᠤᠰᠤᠮᠠᠯ ᠰᠢᠨᠵᠢ ᠵᠡᠷᠭᠡ ᠵᠤᠰᠤᠲᠤ ᠶᠢᠨ ᠰᠤᠶᠤᠯ ᠤᠨ ᠳᠦᠷᠪᠡᠨ ᠣᠨᠴᠠᠯᠢᠭ ᠢᠨᠵᠠᠨᠨ᠋ᠠᠰᠢ ᠶᠢᠨ ᠵᠤᠬᠢᠶᠠᠯ ᠪᠦᠲᠦᠭᠡᠯ ᠳᠦ ᠨᠠᠷᠢᠨ ᠵᠢᠷᠤᠭᠯᠠᠭᠳᠠᠭᠰᠠᠨ ᠢ ᠦᠭᠦᠯᠡᠵᠦ ᠪᠢᠯᠡ᠃
原文 没有原文
出自 内蒙古民族大学学报(社会科学) 1995年 第2期

联系我们


内蒙古大学图书馆
呼和浩特市大学西路235号
中国·内蒙古
P: (0471) 4992561
E: huangfeilong@imu.edu.cn