摘要 |
ᠮᠣᠩᠭᠤᠯ 《ᠭᠡᠰᠡᠷ》 ᠪᠤᠯ ᠮᠣᠩᠭᠤᠯᠴᠤᠳ ᠤᠨ ᠳᠤᠮᠳᠠ ᠳᠡᠯᠭᠡᠷᠡᠭᠰᠡᠨ ᠤᠷᠠᠨ ᠪᠦᠲᠦᠭᠡᠯ ᠪᠤᠯᠤᠨ᠎ᠠ᠃ ᠮᠣᠩᠭᠤᠯ 《ᠭᠡᠰᠡᠷ》 ᠦᠨ ᠱᠠᠰᠢᠨ ᠤ ᠰᠢᠨᠵᠢ ᠳᠦ ᠪᠦᠬᠡ ᠮᠦᠷᠭᠦᠯ ᠦᠨ ᠱᠠᠰᠢᠨ᠂ ᠰᠢᠷ᠎ᠠ ᠶᠢᠨ ᠱᠠᠰᠢᠨ ᠬᠠᠮᠲᠤᠲᠠ ᠲᠠᠮᠠᠭ᠋ᠠᠯᠠᠭᠳᠠᠵᠤ ᠪᠠᠢᠭ᠎ᠠ ᠶᠤᠮ᠃ ᠮᠣᠩᠭᠤᠯ ᠲᠦᠪᠡᠳ 《ᠭᠡᠰᠡᠷ》 ᠪᠤᠯ ᠬᠡᠳᠦᠢᠪᠡᠷ ᠡᠬᠢ ᠨᠢᠭᠡᠲᠡᠢ ᠪᠤᠯᠪᠠᠴᠤ ᠤᠷᠤᠰᠬᠠᠯ ᠣᠨᠳᠤᠤ ᠪᠤᠯᠬᠤ ᠶᠢ ᠲᠡᠭᠦᠨ ᠳᠦ ᠢᠯᠡᠷᠡᠭᠰᠡᠨ ᠱᠠᠰᠢᠨ ᠤ ᠰᠢᠨᠵᠢ ᠴᠦ ᠬᠠᠷᠠᠭ᠋ᠤᠯᠵᠤ ᠪᠠᠢᠳᠠᠭ᠃ ᠲᠤᠰ ᠦᠭᠦᠯᠡᠯ ᠳᠦ ᠮᠣᠩᠭᠤᠯᠴᠤᠳ ᠤᠨ ᠣᠨᠴᠤᠭ᠋ᠤᠢ ᠱᠠᠰᠢᠨ (ᠪᠠᠯᠠᠷᠯᠢᠭ ᠱᠠᠰᠢᠨ) — ᠪᠦᠬᠡ ᠮᠦᠷᠭᠦᠯ ᠦᠨ ᠱᠠᠰᠢᠨ ᠮᠣᠩᠭᠤᠯ 《ᠭᠡᠰᠡᠷ》 ᠦᠨ ᠲᠤᠭ᠋ᠤᠵᠢ ᠳᠤ ᠬᠡᠷᠬᠢᠨ ᠭᠦᠨ ᠳᠤᠰᠬᠠᠯ ᠢᠶᠡᠨ ᠣᠯᠤᠭᠰᠠᠨ ᠢ ᠦᠭᠦᠯᠡᠬᠦ ᠪᠡᠷ ᠳᠠᠮᠵᠢᠵᠤ᠂ ᠮᠣᠩᠭᠤᠯ 《ᠭᠡᠰᠡᠷ》 ᠦᠨ ᠦᠨᠳᠦᠰᠦᠲᠡᠨ ᠦ ᠦᠪᠡᠷᠮᠢᠴᠡ ᠰᠢᠨᠵᠢ ᠲᠡᠢ ᠪᠠᠢᠭ᠎ᠠ ᠶᠢ ᠨᠤᠲᠠᠯᠠᠨ ᠦᠭᠦᠯᠡᠭᠰᠡᠨ ᠪᠠᠢᠨ᠎ᠠ᠃ |