题名 |
ᠣᠷᠴᠢᠨ ᠠᠷᠪᠠᠭᠠᠳ ᠵᠢᠯ ᠳ᠋ᠤ ᠤᠢᠷᠠᠳ ᠲᠡᠦᠭᠡ ᠶᠢᠨ ᠰᠣᠳᠣᠯᠣᠯ ᠤᠨ ᠲᠠᠯ ᠠ ᠪᠡᠷ ᠪᠢᠳᠡᠨᠦᠰ ᠤᠨ ᠲᠤᠷᠠᠳᠤᠨ ᠭᠠᠷᠭᠠᠭᠰᠠᠨ ᠰᠢᠨ᠎ᠡ ᠦᠵᠡᠯᠲᠡ ᠨᠣᠭᠦᠳ |
作者 |
ᠠᠯᠳᠠᠨ᠋ᠤᠷᠬᠢᠯ; ᠪᠠᠳᠠᠢ; ᠡᠷᠳᠡᠨᠢ |
关键词 |
|
摘要 |
ᠬᠢᠳᠡᠳ ᠰᠤᠷᠪᠤᠯᠵᠢ ᠪᠢᠴᠢᠭ ᠲᠤ ᠲᠡᠮᠳᠡᠭᠯᠡᠳᠡᠭ᠌ ᠮᠢᠩ ᠤᠯᠤᠰ ᠤᠨ ᠦᠶᠡᠰ ᠤᠨ 瓦剌,ᠴᠢᠩ ᠤᠯᠤᠰ ᠤᠨ ᠦᠶᠡᠰ ᠤᠨ 卫拉特 ᠵᠡᠷᠭ ᠡᠨᠢ ᠪᠦᠷ 13 ᠳ᠋ᠤᠭᠠᠷ ᠵᠠᠭᠤᠨ ᠤ ᠦᠶᠡᠰ ᠤᠨ ᠮᠣᠩᠭᠤᠯ ᠤᠨ ᠨᠠᠢᠮᠭ ᠤᠨ ᠨᠡᠷ ᠡ ᠤᠢᠷᠠᠳ-斡亦剌惕ᠠᠳᠠᠯᠢ ᠪᠣᠰᠤ ᠠᠪᠢᠶᠠᠴᠢᠯᠠᠭᠰᠠᠨ ᠤᠷᠴᠢᠭᠤᠯᠭᠠᠪᠣᠯᠬᠤ ᠶᠣᠮ᠃ ᠤᠢᠷᠠᠳ ᠪᠣᠯ ᠮᠣᠩᠭᠤᠯ ᠤᠨ ᠡᠷᠲᠡ ᠤᠨ ᠠᠢᠮᠠᠭ ᠤᠨ ᠨᠢᠭᠡ ᠪᠣᠯᠤᠨ᠎ᠠ᠃ 13 ᠳ᠋ᠤᠭᠠᠷ ᠵᠠᠭᠤᠨ ᠤ ᠦᠶᠡᠰ ᠲᠦ ᠴᠢᠩᠬᠢᠰ ᠬᠠᠭᠠᠨ ᠮᠣᠩᠭᠤᠯ ᠤᠨ ᠡᠯ ᠠ ᠠᠢᠮᠠᠭ ᠢ ᠨᠢᠭᠡᠳᠭᠡᠭᠰᠡᠨ ᠤ ᠲᠠᠷᠠᠭ᠎ᠠ᠂ ᠤᠢᠷᠠᠳ ᠢ ᠲᠦᠷᠪᠡᠨ ᠮᠢᠩᠭᠠᠨ ᠪᠣᠯᠭᠠᠵᠤ ᠬᠤᠪᠢᠶᠠᠷᠢᠯᠠᠭᠰᠠᠨ ᠪᠢᠯᠠ᠃ ᠡᠢᠮᠦ ᠤᠴᠢᠷ ᠡᠴᠡ ᠂ ᠬᠤᠵᠢᠮ ᠤᠨ ᠦᠶᠡᠰ ᠲᠤ ᠶᠠᠮᠠᠷ ᠬᠤᠪᠷᠠᠯᠲᠠ ᠭᠠᠷᠤᠭᠰᠠᠨ ᠴᠦ ᠲᠡᠭᠦᠨ ᠢ ᠪᠦᠷ ᠲᠦᠪᠡᠨ ᠤᠢᠷᠠᠳ ᠭᠡᠵᠦ ᠂ ᠵᠠᠪᠯ ᠲᠦᠷᠪᠡᠨ ᠬᠡᠰᠡᠭ ᠬᠦᠮᠦᠰ ᠢᠢᠡᠷᠨ ᠵᠣᠬᠢᠶᠠᠨ ᠪᠠᠢᠭᠤᠯᠳᠠᠭ ᠵᠠᠩᠰᠢᠯᠲᠠᠢ ᠪᠣᠯᠤᠭᠰᠠᠨ ᠪᠠᠢᠭ ᠠ᠃15-18 ᠳ᠋ᠤᠭᠠᠷ ᠵᠠᠭᠤᠨ ᠤ ᠦᠶᠡᠰ ᠲᠦ ᠲᠦᠷᠪᠡᠨ ᠤᠢᠷᠠᠳ ᠨᠢ ᠮᠣᠩᠭᠤᠯ ᠤᠨ ᠲᠡᠦᠭᠡᠨ ᠲᠡᠭᠡᠷ ᠡ ᠴᠢᠬᠤᠯᠠ ᠦᠢᠯᠡᠳᠦᠯ ᠭᠠᠷᠭᠠᠭᠰᠠᠨ ᠶᠣᠮ᠃ ᠲᠦᠷᠪᠡᠨ ᠤᠢᠷᠠᠳ ᠤᠨ ᠲᠡᠦᠬᠡ ᠵᠢ ᠰᠣᠳᠤᠯᠬᠤ ᠨᠢ ᠮᠣᠩᠭᠤᠯ ᠤᠨ ᠰᠣᠳᠣᠯᠣᠯ ᠳ᠋ᠤ ᠬᠦᠨᠳᠦ ᠴᠢᠬᠤᠯᠠ ᠠᠴᠢ ᠬᠤᠯᠪᠤᠭᠳᠠᠯ ᠲᠠᠢ ᠠᠵᠠᠢ᠃ |
原文 |
没有原文
|
出自 |
内蒙古师范大学学报
1993年
第4期
|