题名 |
ᠪᠡᠯᠭᠦᠳᠡᠢ ᠶᠢᠨ ᠲᠠᠬᠢᠯᠭ᠎ᠠ ᠶᠢᠨ ᠰᠤᠶᠤᠯ ᠤᠨ ᠰᠤᠳᠤᠯᠭᠠᠨ ᠤ ᠤᠳᠤᠬᠢ ᠪᠠ ᠬᠤᠢ᠌ᠰᠢᠳᠡ ᠶᠢᠨ ᠬᠠᠨᠳᠤᠰᠢ |
作者 |
ᠤᠳᠬᠤᠨᠰᠤᠪᠤᠳ |
关键词 |
ᠲᠠᠬᠢᠯᠭ᠎ᠠ ᠶᠢᠨ ᠰᠤᠶᠤᠯ; ᠤᠳᠤᠬᠢ ᠪᠠᠢ᠌ᠳᠠᠯ; ᠬᠤᠢ᠌ᠰᠢᠳᠡ ᠶᠢᠨ ᠬᠠᠨᠳᠤᠰᠢ |
摘要 |
ᠪᠡᠯᠭᠦᠳᠡᠢ ᠶᠢᠨ ᠲᠠᠬᠢᠯᠭ᠎ᠠ ᠪᠤᠯ ᠮᠤᠩᠭ᠋ᠤᠯ ᠦᠨᠳᠦᠰᠦᠳᠡᠨ ᠤ ᠡᠪᠦᠭᠡ ᠲᠡᠭᠡᠳᠦᠰ ᠤᠨ ᠲᠠᠬᠢᠯᠭ᠎ᠠ ᠶᠢᠨ ᠰᠤᠶᠤᠯ ᠤᠨ ᠨᠢᠭᠡᠨ ᠴᠢᠬᠤᠯᠠ ᠠᠭᠤᠯᠭ᠎ᠠ ᠪᠤᠯᠬᠤ ᠮᠦᠷᠳᠡᠭᠡᠨ ᠮᠤᠩᠭ᠋ᠤᠯ ᠦᠨᠳᠦᠰᠦᠳᠡᠨ ᠤ ᠲᠠᠬᠢᠯᠭ᠎ᠠ ᠲᠠᠢ᠌ᠯᠭ᠎ᠠ ᠶᠢᠨ ᠰᠤᠶᠤᠯ ᠤᠨ ᠴᠢᠬᠤᠯᠠ ᠪᠦᠷᠢᠯᠳᠦᠬᠦᠨ ᠬᠡᠰᠡᠭ ᠮᠦᠨ᠃ ᠪᠡᠯᠭᠦᠳᠡᠢ ᠶᠢᠨ ᠲᠠᠬᠢᠯᠭ᠎ᠠ ᠶᠢᠨ ᠰᠤᠶᠤᠯ ᠢ ᠰᠤᠳᠤᠯᠬᠤ ᠶᠠᠪᠤᠳᠠᠯ ᠪᠤᠯ ᠦᠩᠭᠡᠷᠡᠭᠰᠡᠨ ᠤ ᠮᠤᠩᠭ᠋ᠤᠯ ᠦᠨᠳᠦᠰᠦᠳᠡᠨ ᠤ ᠨᠡᠢ᠌ᠭᠡᠮ ᠤᠨ ᠱᠠᠰᠢᠨ ᠰᠢᠳᠦᠯᠭᠡ ᠶᠢᠨ ᠬᠡᠯᠪᠡᠷᠢ᠂ ᠢᠳᠡᠭᠡᠯ ᠪᠢᠰᠢᠷᠡᠯ ᠤᠨ ᠭᠦᠨ ᠲᠠᠪᠬᠤᠷᠭ᠎ᠠ ᠶᠢ ᠤᠢ᠌ᠯᠠᠭᠠᠬᠤ ᠶᠠᠪᠤᠳᠠᠯ ᠲᠠᠢ ᠭᠦᠨ ᠬᠤᠯᠪᠤᠭᠳᠠᠵᠤ ᠪᠠᠢ᠌ᠬᠤ ᠪᠦᠭᠡᠳ ᠮᠤᠩᠭ᠋ᠤᠯ ᠦᠨᠳᠦᠰᠦᠳᠡᠨ ᠤ ᠰᠤᠶᠤᠯ ᠰᠡᠳᠭᠢᠬᠦᠢ ᠶᠢᠨ ᠬᠦᠳᠡᠯᠦᠩᠭᠦᠢ ᠰᠢᠨᠵᠢ ᠶᠢ ᠤᠢ᠌ᠯᠠᠭᠠᠬᠤ ᠳᠤ ᠲᠦᠢᠯ ᠤᠨ ᠴᠢᠬᠤᠯᠠ ᠤᠳᠬ᠎ᠠ ᠠᠭᠤᠯᠭ᠎ᠠ ᠲᠠᠢ᠃ ᠲᠠᠬᠢᠯᠭ᠎ᠠ ᠶᠢᠨ ᠰᠤᠶᠤᠯ᠂ ᠰᠢᠳᠦᠯᠭᠡ ᠪᠢᠰᠢᠷᠡᠯ ᠤᠨ ᠠᠭᠤᠯᠭ᠎ᠠ ᠶᠢ ᠵᠦᠪ ᠶᠢᠡᠷ ᠤᠢ᠌ᠯᠠᠭᠠᠨ ᠰᠤᠳᠤᠯᠬᠤ ᠶᠠᠪᠤᠳᠠᠯ ᠨᠢ ᠮᠤᠩᠭ᠋ᠤᠯᠴᠤᠳ ᠤᠨ ᠲᠠᠬᠢᠯᠭ᠎ᠠ ᠲᠠᠢ᠌ᠯᠭ᠎ᠠ ᠶᠢᠨ ᠬᠡᠪ ᠵᠠᠭᠪᠤᠷ ᠢ ᠤᠢ᠌ᠯᠠᠭᠠᠵᠤ ᠰᠤᠳᠤᠯᠬᠤ ᠶᠠᠪᠤᠳᠠᠯ ᠯᠤᠭ᠎ᠠ ᠨᠢᠭ᠌ᠳᠠ ᠬᠠᠷᠢᠴᠠᠭ᠎ᠠ ᠲᠠᠢ ᠪᠠᠢ᠌ᠳᠠᠭ᠃ |
原文 |
查看原文
|
出自 |
赤峰学院学报(蒙文哲学社会科学版)
2015年
第6期
|