题名 |
ᠮᠣᠩᠭᠤᠯ ᠡᠮ ᠦᠨ ᠨᠠᠢᠷᠠᠯᠭ᠎ᠠ ᠶᠢᠨ ᠬᠡᠯᠪᠡᠷᠢ ᠵᠢᠴᠢ ᠡᠮᠨᠡᠯ ᠦᠨ ᠬᠤᠭᠤᠷᠤᠨᠳᠤᠬᠢ ᠬᠠᠷᠢᠴᠠᠭ᠎ᠠ |
作者 |
ᠦᠯᠵᠡᠢ; ᠰᠤᠮᠢᠶ᠎ᠠ |
关键词 |
ᠨᠠᠢ᠌ᠢᠷᠠᠯᠭᠠ ᠢᠨ ᠬᠡᠯᠪᠡᠷᠢ; ᠡᠮᠨᠡᠯ; ᠡᠮᠦ ᠪᠤᠳᠠᠰ ᠤᠨ ᠪᠡᠶ᠎ᠡ ᠳᠦ ᠬᠢ ᠦᠩᠭᠡᠷᠡᠯᠲᠡ; ᠨᠠᠢ᠌ᠢᠷᠠᠭᠤᠯᠬᠤ ᠤᠷ᠎ᠠ ᠮᠡᠷᠭᠡᠰᠢᠯ; ᠡᠮ ᠦᠨ ᠦᠢᠯᠡᠳᠦᠯ |
摘要 |
ᠡᠮᠳᠦ ᠪᠤᠳᠠᠰ ᠤ ᠡᠮᠨᠡᠯ ᠤᠨ ᠠᠴᠢ ᠲᠤᠰᠠ ᠪᠤᠯᠤᠨ ᠠᠮᠢᠳᠤ ᠪᠤᠳᠠᠰ ᠤᠨ ᠠᠰᠢᠭᠯᠠᠮᠵᠢ ᠨᠢ ᠡᠮᠳᠦ ᠪᠤᠳᠠᠰ ᠤᠨ ᠨᠠᠢ᠌ᠷᠠᠯᠭ᠎ᠠ ᠶᠢᠨ ᠬᠡᠯᠪᠡᠷᠢ ᠲᠡᠢ ᠨᠢᠭᠲᠠ ᠬᠠᠷᠢᠴᠠᠭ᠎ᠠ ᠲᠠᠢ ᠪᠠᠢ᠋ᠳᠠᠭ᠃ ᠨᠠᠢ᠌ᠢᠷᠠᠯᠭᠠ ᠶᠢᠨ ᠬᠡᠯᠪᠡᠷᠢ ᠶᠢᠨ ᠠᠳᠠᠯᠢ ᠪᠤᠰᠤ ᠠᠴᠠ ᠪᠤᠯᠵᠤ ᠡᠮᠳᠦ ᠪᠤᠳᠠᠰ ᠤᠨ ᠬᠦᠮᠦᠨ ᠦ ᠪᠡᠶ᠎ᠡ ᠳᠦ ᠬᠢ ᠵᠦᠭᠡᠪᠦᠷᠢᠯᠡᠬᠦ ᠬᠤᠷᠳᠤᠴᠠ ᠪᠡ ᠬᠡᠮᠵᠢᠶ᠎ᠡ ᠨᠢ ᠪᠠᠰᠠ ᠠᠳᠠᠯᠢ ᠦᠭᠡᠢ᠃ ᠡᠨᠳᠡ ᠬᠡᠯᠡᠵᠦ ᠪᠠᠢ᠌ᠬ ᠨᠠᠢ᠌ᠷᠠᠯᠭ᠎ᠠ ᠶᠢᠨ ᠬᠡᠯᠪᠡᠷᠢ ᠨᠢ ᠵᠦᠪᠬᠡᠨ ᠡᠮ ᠨᠠᠢ᠌ᠷᠠᠭᠤᠯᠬᠤ ᠤᠬᠠᠭᠠᠨ ᠳᠤ ᠬᠢ ᠨᠠᠢ᠌ᠷᠠᠯᠭ᠎ᠠ ᠶᠢᠨ ᠬᠡᠯᠪᠡᠷᠢ ᠶᠢᠨ ᠤᠬᠠᠭᠳᠠᠬᠤᠨ ᠢ ᠯᠠ ᠬᠡᠯᠡᠵᠦ ᠪᠠᠢ᠌ᠬᠤ ᠪᠢᠰᠢ᠂ ᠬᠠᠷᠢᠨ ᠡᠮᠳᠦ ᠪᠤᠳᠠᠰ ᠤᠨ ᠬᠢᠮᠢ ᠹᠢᠽᠢᠺ ᠤᠨ ᠰᠢᠨᠵᠢ ᠴᠢᠨᠠᠷ᠂ ᠡᠮ ᠬᠡᠷᠡᠭᠯᠡᠬᠦ ᠠᠷᠭ᠎ᠠ᠂ ᠲᠤᠰᠠᠯᠠᠬᠤ ᠪᠤᠳᠠᠰ ᠤᠨ ᠰᠢᠨᠵᠢ ᠴᠢᠨᠠᠷ ᠪᠡ ᠬᠡᠮᠵᠢᠶ᠎ᠡ᠂ ᠨᠠᠢ᠌ᠷᠠᠯᠭ᠎ᠠ ᠶᠢᠨ ᠪᠦᠷᠢᠯᠳᠦᠭᠦᠨ ᠪᠡ ᠬᠠᠷᠢᠯᠴᠠᠨ ᠦᠢᠯᠡᠴᠢᠯᠡᠯ᠂ ᠨᠠᠢ᠌ᠷᠠᠭᠤᠯᠬᠤ ᠤᠷ᠎ᠠ ᠮᠡᠷᠭᠡᠰᠢᠯ᠂ ᠦᠢᠯᠡᠳᠪᠦᠷᠢᠯᠡᠬᠦ ᠨᠦᠬᠦᠴᠡᠯ ᠵᠢᠴᠢ ᠬᠠᠳᠠᠭᠠᠯᠠᠬᠤ ᠨᠦᠬᠦᠴᠡᠯ ᠵᠡᠷᠭᠡ ᠠᠭᠤᠯᠭ᠎ᠠ ᠶᠢ ᠪᠠᠭᠲᠠᠭᠠᠵᠤ ᠪᠠᠢ᠌ᠳᠠᠭ᠃ |
原文 |
查看原文
|
出自 |
内蒙古民族大学学报(蒙医药学)
2011年
第2期
|