摘要 |
12-13 ᠳ᠋ᠤᠭᠠᠷ ᠵᠠᠭᠤᠨ ᠤ ᠮᠣᠩᠭᠤᠯ ᠤᠨ ᠮᠠᠯᠵᠢᠯ ᠨᠡᠭᠦᠳᠡᠯ ᠤᠨ ᠨᠡᠢᠭᠡᠮ ᠳ᠋ᠤ ᠢᠯᠡᠷᠡᠭᠰᠡᠨ ᠬᠦᠷᠢᠶᠡᠨ ᠬᠡᠮᠡᠬᠦ ᠪᠦᠯᠬᠦᠮ ᠪᠣᠶᠤ ᠪᠠᠢᠭᠤᠯᠤᠮᠵᠢ ᠶᠢᠨ ᠲᠣᠬᠠᠢ ᠸᠠᠯᠠᠲᠢᠮᠢᠷᠽᠤᠸ ᠡᠴᠡ ᠡᠬᠢᠯᠡᠵᠦ ᠮᠣᠷᠢ•ᠺᠤᠲ᠋ᠤᠤ•ᠲᠤᠮᠢᠤ ᠶᠤᠰᠢᠲᠠ•ᠵᠢᠶᠦ᠋ᠢᠢᠴᠢ ᠨᠡᠷ ᠲᠠᠯ ᠠ ᠲᠠᠯ ᠠ ᠡᠴᠡ ᠨᠢᠮᠪᠠᠢ ᠰᠣᠳᠤᠯᠵᠤ ᠦᠩᠭᠡᠷᠡᠭᠰᠡᠨ ᠪᠢᠯᠡ᠃ ᠲᠡᠳᠡᠭᠡᠷ ᠦᠨ᠎ᠡ ᠴᠡᠨ᠎ᠠ ᠪᠦᠬᠦᠢ ᠰᠣᠳᠤᠯᠤᠯ ᠳ᠋ᠤ᠂ ᠬᠦᠷᠢᠶᠠᠨ ᠤ ᠤᠬᠠᠭᠳᠠᠬᠤᠨ ᠤ ᠲᠣᠬᠠᠢ᠂ ᠵᠣᠬᠢᠬᠤ ᠨᠢᠭᠡᠨ ᠨᠡᠢᠭᠡᠮ ᠤᠨ ᠪᠦᠷᠢᠯᠳᠦᠭᠦᠨ ᠨᠢᠭᠡᠴᠡ᠂ ᠵᠣᠬᠢᠬᠤ ᠨᠢᠭᠡᠨ ᠴᠡᠷᠢᠭ ᠤᠨ ᠪᠦᠯᠬᠦᠮ᠂ ᠨᠡᠭᠦᠳᠡᠯ ᠮᠠᠯᠵᠢᠯ ᠤᠨ ᠬᠡᠯᠪᠡᠷᠢ ᠶᠢᠨ ᠬᠤᠪᠢ ᠳ᠋ᠤ ᠵᠣᠬᠢᠬᠤ ᠨᠢᠭᠡᠨ ᠠᠵᠤ ᠦᠢᠯᠡᠳᠪᠦᠷᠢᠯᠡᠯ ᠤᠨ ᠨᠢᠭᠡᠴᠡ ᠪᠣᠯᠤᠨ᠎ᠠ ᠭᠡᠵᠦ ᠲᠤᠷᠠᠳᠤᠭᠰᠠᠨ ᠪᠠᠢᠳᠠᠭ᠃ ᠲᠤᠰ ᠦᠭᠦᠯᠡᠯ ᠳ᠋ᠤ ᠭᠤᠤᠯᠳᠠᠭᠤ ᠴᠡᠷᠢᠭ ᠤᠨ ᠪᠠᠢᠭᠤᠯᠤᠮᠵᠢ ᠪᠣᠯᠤᠭᠰᠠᠨ ᠬᠤᠪᠢ ᠳ᠋ᠤ ᠬᠦᠷᠢᠶᠡᠨ ᠢ ᠴᠡᠷᠢᠭ ᠤᠨ ᠵᠣᠬᠢᠶᠠᠨ ᠪᠠᠢᠭᠤᠯᠤᠯᠲᠠ ᠵᠢᠴᠢ ᠴᠡᠷᠢᠭ ᠵᠠᠰᠠᠭ ᠤᠨ ᠦᠨᠳᠦᠰᠦᠨ ᠢᠯᠭᠠᠯ ᠤᠨ ᠡᠭᠦᠳᠡᠨ ᠡᠴᠡ ᠵᠠᠳᠠᠯᠤᠨ ᠰᠢᠨᠵᠢᠯᠡᠬᠦ ᠰᠠᠨᠠᠭ᠎ᠠ ᠲᠠᠢ᠃ |