摘要 |
ᠮᠣᠩᠭᠣᠯ ᠠᠮᠠᠨ ᠵᠤᠬᠢᠶᠠᠯ ᠤᠨ ᠰᠤᠳᠤᠯᠤᠯ ᠤᠨ ᠦᠨᠦ ᠶᠢᠨ ᠪᠠᠶᠢᠳᠠᠯ ᠠᠴᠠ ᠦᠵᠡᠬᠦ ᠳᠦ ᠂ ᠮᠣᠩᠭᠣᠯ ᠠᠮᠠᠨ ᠵᠤᠬᠢᠶᠠᠯ ᠤᠨ ᠠᠶᠢᠮᠠᠭ ᠠᠩᠭᠢᠯᠠᠯ᠂ ᠲᠢᠭ᠌ ᠮᠠᠶᠢᠭ᠂ ᠲᠦᠷᠦᠯ ᠵᠤᠶᠢᠯ ᠤᠨ ᠬᠤᠪᠢᠶᠠᠷᠢᠯᠠᠯ ᠤᠨ ᠲᠠᠯ᠎ᠠ ᠪᠠᠷ ᠤᠯᠤᠰ ᠤᠨ ᠳᠤᠲᠤᠭᠠᠳᠤ ᠭᠠᠳᠠᠭᠠᠳᠤ ᠶᠢᠨ ᠡᠷᠳᠡᠮᠲᠡᠳ ᠦᠨ ᠰᠠᠨᠠᠯ ᠨᠢᠭᠡᠲᠦᠯᠲᠡᠢ ᠪᠤᠯᠵᠤ ᠴᠢᠳᠠᠭᠠᠳᠤᠢ᠂ ᠶᠠᠩᠵᠤ ᠪᠦᠷᠢ ᠪᠡᠷ ᠠᠩᠭᠢᠯᠠᠨ ᠬᠤᠪᠢᠶᠠᠵᠤ᠂ ᠠᠳᠠᠯᠢ ᠪᠤᠰᠤ ᠪᠠᠷ ᠨᠡᠷᠡᠯᠡᠭᠰᠡᠨ ᠪᠠᠶᠢᠳᠠᠭ᠃ ᠲᠤᠰ ᠦᠭᠦᠯᠡᠯ ᠳᠦ᠂ ᠠᠮᠠᠨ ᠵᠤᠬᠢᠶᠠᠯ ᠰᠤᠳᠤᠯᠤᠯ ᠪᠠ ᠵᠢᠭᠠᠨ ᠰᠤᠷᠭᠠᠯᠲᠠ ᠶᠢ ᠳᠦᠷᠢᠮᠵᠢᠭᠦᠯᠦᠨ ᠬᠦᠭ᠍ᠵᠢᠭᠦᠯᠬᠦ ᠪᠤᠳᠠᠲᠤ ᠬᠷᠡᠭᠴᠡᠭᠡ ᠡᠴᠡ ᠡᠭᠦᠰᠼᠦ᠂ ᠮᠣᠩᠭᠣᠯ ᠠᠮᠠᠨ ᠵᠤᠬᠢᠶᠠᠯ ᠤᠨ ᠪᠦᠬᠦᠶᠢᠯᠡ ᠪᠦᠲᠦᠭᠡᠯ ᠢ ᠠᠶᠢᠮᠠᠭ ᠠᠩᠭᠢᠯᠠᠯ᠂ ᠲᠢᠭ᠌ ᠮᠠᠶᠢᠭ᠂ ᠲᠦᠷᠦᠯ ᠵᠤᠶᠢᠯ ᠭᠡᠬᠦ ᠭᠤᠷᠪᠠᠨ ᠵᠡᠷᠭᠡᠯᠡᠯ ᠳᠦ ᠠᠩᠭᠢᠯᠠᠨ ᠬᠤᠪᠢᠶᠠᠬᠤ ᠶᠢ ᠰᠠᠨᠠᠭᠠᠴᠢᠯᠠᠭᠰᠠᠨ ᠤ ᠬᠠᠮᠲᠤ᠂ ᠵᠠᠷᠢᠮ ᠲᠢᠭ᠌ ᠮᠠᠶᠢᠭ᠂ ᠲᠦᠷᠦᠯ ᠵᠤᠶᠢᠯ ᠤᠨ ᠨᠡᠷᠡᠶᠢᠳᠦᠯ ᠢ ᠨᠢᠭᠡᠳᠭᠡᠬᠦ ᠪᠡ ᠵᠠᠷᠢᠮ ᠲᠢᠭ᠌ ᠮᠠᠶᠢᠭ ᠤᠨ ᠳᠤᠲᠤᠷᠠᠬᠢ ᠲᠦᠷᠦᠯ ᠵᠤᠶᠢᠯ ᠤᠨ ᠬᠤᠪᠢᠶᠠᠷᠢᠯᠠᠯ ᠢ ᠵᠢᠷᠤᠮᠵᠢᠭᠤᠯᠬᠤ ᠲᠤᠬᠠᠢ ᠰᠠᠨᠠᠯ ᠢᠶᠠᠨ ᠳᠡᠪᠰᠢᠭᠦᠯᠪᠡ᠃ |