摘要 |
ᠲᠤᠰ ᠦᠭᠦᠯᠡᠯ ᠳᠦ ᠂ ᠤᠯᠠᠮᠵᠢᠯᠠᠯᠲᠤ ᠬᠡᠯᠡ ᠰᠢᠨᠵᠢᠯᠡᠯ ᠦᠨ ᠠᠷᠭ᠎ᠠ ᠪᠠᠷ᠂ ᠣᠷᠴᠢᠨ ᠴᠠᠭ ᠤᠨ ᠮᠣᠩ᠋ᠭᠤᠯ ᠬᠡᠯᠡᠨ ᠦ ᠭᠠᠭᠴᠠ ᠪᠦᠯᠦᠭᠲᠦ ᠦᠭᠦᠯᠡᠪᠦᠷᠢ ᠶᠢᠨ ᠲᠤᠬᠠᠢ ᠬᠠᠢ᠌ᠨ ᠰᠢᠨᠵᠢᠯᠡᠪᠡ᠃ ᠦᠩᠭᠡᠷᠡᠭᠰᠡᠨ ᠦ ᠡᠷᠳᠡᠮᠲᠡᠳ ᠲᠤᠪᠴᠢᠯᠠᠭᠰᠠᠨ ᠦᠭᠦᠯᠡᠪᠦᠷᠢ᠂ ᠵᠠᠷᠢᠮᠳᠤᠭ ᠦᠭᠦᠯᠡᠪᠦᠷᠢ᠂ ᠳᠤᠲᠠᠮᠠᠭ ᠦᠭᠦᠯᠡᠪᠦᠷᠢ᠂ ᠠᠶᠠᠯᠭ᠎ᠠ ᠦᠭᠦᠯᠡᠪᠦᠷᠢ᠂ ᠭᠠᠭᠴᠠ ᠪᠦᠷᠢᠯᠳᠦᠭᠦᠨᠲᠦ ᠦᠭᠦᠯᠡᠪᠦᠷᠢ ᠶᠢᠨ ᠲᠤᠬᠠᠢ ᠣᠯᠠᠨ ᠰᠢᠨᠵᠢᠯᠡᠭᠡ ᠬᠢᠭ᠍ᠰᠡᠨ ᠪᠤᠯᠪᠠᠴᠤ᠂ ᠣᠳᠣ ᠪᠤᠯᠲᠠᠯ᠎ᠠ ᠡᠳᠡᠭᠡᠷ ᠦᠨ ᠵᠠᠭᠠᠭ ᠱᠤᠭᠤᠮ ᠲᠤᠳᠤᠷᠬᠠᠢ ᠦᠭᠡᠢ ᠪᠠᠢ᠌ᠭᠰᠠᠭᠠᠷ᠃ ᠲᠤᠰ ᠦᠭᠦᠯᠡᠯ᠂ ᠡᠢ᠌ᠮᠦ ᠪᠠᠢ᠌ᠳᠠᠯ ᠳᠤ ᠴᠢᠭᠯᠡᠭᠦᠯᠵᠦ᠂ ᠡᠷᠳᠡᠮᠲᠡᠳ ᠦᠨ ᠰᠤᠳᠤᠯᠭᠠᠨ ᠤ ᠰᠠᠭᠤᠷᠢᠨ ᠳᠡᠭᠡᠷ᠎ᠡ᠂ ᠡᠳᠡᠭᠡᠷ ᠦᠭᠦᠯᠡᠪᠦᠷᠢ ᠶᠢᠨ ᠵᠠᠭᠠᠭ ᠱᠤᠭᠤᠮ ᠢ ᠲᠤᠳᠤᠷᠬᠠᠢ᠌ᠯᠠᠬᠤ ᠪᠠᠷ ᠴᠢᠷᠮᠢ᠌ᠵᠤ᠂ ᠭᠠᠭᠴᠠ ᠪᠦᠯᠦᠭᠲᠦ ᠦᠭᠦᠯᠡᠪᠦᠷᠢ ᠨᠢ ᠪᠡᠶ᠎ᠡ ᠪᠡᠨ ᠳᠠᠭᠠᠭᠠᠵᠤ ᠣᠷᠤᠰᠢᠳᠠᠭ ᠦᠭᠦᠯᠡᠪᠦᠷᠢ ᠶᠢᠨ ᠨᠢᠭᠡᠨ ᠬᠡᠪ ᠰᠢᠨᠵᠢ ᠪᠤᠯᠬᠤ ᠶᠤᠮ ᠭᠡᠰᠡᠨ ᠦᠵᠡᠯᠲᠡ ᠪᠡᠨ ᠳᠤᠷᠠᠳᠤᠭᠰᠠᠨ ᠪᠠᠢ᠌ᠨ᠎ᠠ᠃ |