摘要 |
ᠠᠶᠠᠯᠭ᠋ᠤ ᠨᠢ ᠬᠡᠯᠡᠨ ᠦ ᠦᠵᠡᠭᠳᠡᠯ ᠮᠦᠷᠲᠡᠭᠡᠨ ᠰᠤᠶᠤᠯ ᠤᠨ ᠦᠵᠡᠭᠳᠡᠯ ᠪᠤᠯᠤᠨ᠎ᠠ᠃ ᠤᠳᠤᠬᠠᠨ᠎ᠠ ᠬᠡᠯᠡ ᠰᠢᠨᠵᠢᠯᠡᠯᠲᠡᠳ ᠬᠡᠯᠡ ᠠᠶᠠᠯᠭ᠋ᠤ ᠶᠢ ᠪᠠᠰᠠ ᠰᠤᠶᠤᠯ ᠤᠨ ᠲᠠᠯ᠎ᠠ ᠠᠴᠠ ᠲᠠᠨ᠋ᠢᠵᠤ ᠰᠢᠨ᠎ᠡ ᠪᠡᠷ ᠰᠤᠳᠤᠯᠬᠤ ᠬᠠᠨᠳᠤᠰᠢ ᠲᠠᠢ ᠪᠤᠯᠵᠤ ᠪᠤᠢ᠃ ᠬᠤᠷᠴᠢᠨ ᠠᠮᠠᠨ ᠠᠶᠠᠯᠭ᠋ᠤ ᠪᠤᠯ ᠮᠠᠨ ᠤ ᠤᠯᠤᠰ ᠤᠨ ᠮᠣᠩᠭᠤᠯ ᠬᠡᠯᠡᠨ ᠦ ᠳᠤᠮᠳᠠᠳᠤ ᠠᠶᠠᠯᠭ᠋ᠤᠨ ᠤ ᠳᠤᠲᠤᠷᠠᠬᠢ ᠬᠠᠮᠤᠭ ᠤᠨ ᠲᠤᠮᠤ ᠠᠮᠠᠨ ᠠᠶᠠᠯᠭ᠋ᠤ ᠪᠤᠯᠤᠨ᠎ᠠ᠃ ᠲᠡᠭᠦᠨ ᠦ ᠪᠦᠷᠢᠯᠳᠦᠯ ᠬᠦᠭᠵᠢᠯ ᠨᠢ ᠵᠦᠪᠬᠡᠨ ᠮᠣᠨᠭᠤᠯ ᠬᠡᠯᠡᠨ ᠦ ᠳᠤᠲᠤᠭ᠋ᠠᠳᠤ ᠬᠦᠭᠵᠢᠯ ᠦᠨ ᠦᠷ᠎ᠡ ᠳ᠋ᠦᠩ ᠲᠡᠳᠦᠢ ᠪᠢᠰᠢ᠂ ᠪᠠᠰᠠ ᠣᠪᠤᠭ ᠠᠢᠮᠠᠭ ᠤᠨ ᠲᠡᠦᠬᠡ᠂ ᠣᠷᠤᠨ ᠨᠤᠲᠤᠭ ᠤᠨ ᠪᠠ ᠦᠨᠳᠦᠰᠦᠲᠡᠨ ᠦ ᠬᠤᠭ᠋ᠤᠷᠤᠨᠳᠤᠬᠢ ᠰᠤᠶᠤᠯ ᠤᠨ ᠰᠤᠯᠢᠯᠴᠠᠭ᠋ᠠᠨ ᠳᠤ ᠬᠤᠯᠪᠤᠭᠳᠠᠳᠠᠭ ᠪᠠᠢᠨ᠎ᠠ᠃ ᠦᠭᠦᠯᠡᠯ ᠳᠦ᠂ ᠬᠤᠷᠴᠢᠨ ᠠᠢᠮᠠᠭ ᠤᠨ ᠪᠦᠷᠢᠯᠳᠦᠯ ᠦᠨ ᠪᠤᠳᠤᠯᠢᠶᠠᠨᠲᠤ ᠴᠢᠨ᠋ᠠᠷ᠂ ᠣᠷᠤᠨ ᠨᠤᠲᠤᠭ ᠤᠨ ᠰᠤᠶᠤᠯ ᠤᠨ ᠣᠨᠴᠠᠯᠢᠭ ᠰᠢᠨᠵᠢ ᠪᠡ ᠬᠠᠷᠢ ᠬᠡᠯᠡᠨ ᠦ ᠨᠦᠯᠦᠭᠡᠯᠡᠯ ᠵᠡᠷᠭᠡ ᠲᠠᠯ᠎ᠠ ᠠᠴᠠ ᠬᠤᠷᠴᠢᠨ ᠠᠮᠠᠨ ᠠᠶᠠᠯᠭ᠋ᠤᠨ ᠤ ᠪᠦᠷᠢᠯᠳᠦᠯ ᠦᠨ ᠣᠯᠠᠨ ᠲᠠᠯᠠᠲᠤ ᠴᠢᠨ᠋ᠠᠷ ᠢ ᠲᠤᠳᠤᠷᠬᠠᠢᠯᠠᠬᠤ ᠪᠠᠷ ᠴᠢᠷᠮᠠᠢᠭᠰᠠᠨ ᠪᠠᠢᠨ᠎ᠠ᠃ |