摘要 |
ᠠᠷᠠᠳ ᠤᠨ ᠲᠠᠭᠤᠤ ᠪᠣᠯ ᠠᠷᠠᠳ ᠤᠨ ᠠᠮᠠᠨ ᠵᠣᠬᠢᠶᠠᠯ ᠲᠤᠳᠤᠷ ᠠ ᠲᠤᠭ᠎ᠠ ᠪᠡᠷ ᠬᠠᠮᠤᠭ ᠤᠯᠠᠨ᠂ᠲᠠᠷᠬᠠᠯᠲᠠ ᠪᠡᠷ ᠬᠠᠮᠤᠭ ᠦᠷᠭᠡᠨ᠂ ᠨᠦᠯᠦᠭᠡ ᠪᠡᠷ ᠬᠠᠮᠤᠭ ᠶᠡᠬᠡ ᠲᠦᠷᠦᠯ ᠵᠦᠢᠯ ᠪᠣᠯᠤᠨ ᠠ᠃ᠠᠷᠠᠳ ᠤᠨ ᠲᠠᠭᠤᠤ ᠨᠢ ᠲᠣᠬᠠᠢ ᠶᠢᠨ ᠮᠣᠩᠭᠤᠯᠴᠤᠳ ᠤᠨ ᠠᠮᠢᠳᠤᠷᠠᠯ ᠲᠡᠮᠡᠴᠡᠯ᠂ ᠰᠠᠨᠠᠭ᠎ᠠ ᠰᠡᠳᠬᠢᠯᠭᠡ; ᠵᠠᠩ ᠦᠢᠯᠡ ᠶᠢᠨ ᠪᠣᠳᠠᠳᠤ ᠢᠯᠡᠷᠡᠯ ᠪᠣᠯᠵᠠᠢ᠃ ᠤᠷᠤᠭ ᠬᠣᠷᠢᠮ ᠪᠣᠯ ᠨᠢᠭᠡᠨ ᠬᠦᠮᠦᠨ ᠤ ᠪᠡᠶ ᠡ ᠪᠦᠲᠦᠬᠦ᠂ ᠭᠡᠷ ᠪᠦᠯᠢ ᠪᠣᠯᠵᠤ᠂ ᠤᠭᠰᠠᠭ᠎ᠠ ᠦᠨᠳᠦᠰᠦ ᠪᠠᠨ ᠵᠠᠯᠭᠠᠮᠵᠢᠯᠠᠬᠤ ᠴᠢᠬᠤᠯᠠ ᠠᠰᠠᠭᠤᠳᠠᠯ ᠮᠦᠨ᠃ ᠨᠠᠢᠮᠠᠨ ᠠᠷᠠᠳ ᠤᠨ ᠲᠠᠭᠤᠤ ᠳ᠋ᠤ ᠲᠣᠬᠠᠢ ᠶᠢᠨ ᠨᠠᠢᠮᠠᠨᠴᠤᠳ ᠤᠨ ᠵᠠᠩ ᠦᠢᠯᠡ ᠶᠢᠨ ᠨᠢᠭᠡ ᠲᠦᠷᠦᠯ ᠪᠣᠯᠤᠭᠰᠠᠨ——ᠤᠯᠠᠮᠵᠢᠯᠠᠯᠲᠤ ᠤᠷᠤᠭ ᠬᠤᠷᠢᠮ ᠤᠨ ᠵᠠᠩ ᠦᠢᠯᠡ ᠨᠢ ᠲᠤᠰᠬᠠᠢᠯ ᠢᠢᠡᠨ ᠤᠯᠤᠭᠰᠠᠨ ᠪᠠᠢᠨ᠎ᠠ᠃ ᠡᠨᠡ ᠬᠦ ᠢᠯᠡᠷᠡᠯ ᠢ ᠨᠢ ᠪᠣᠳᠠᠳᠠᠢᠴᠢᠯᠠᠨ ᠵᠠᠳᠠᠯᠵᠤ ᠰᠢᠨᠵᠢᠯᠡᠬᠦ ᠵᠢ ᠵᠣᠷᠢᠵᠠᠢ᠃ |