题名 |
ᠮᠣᠩᠭᠤᠯ ᠡᠮᠨᠡᠯᠭᠡ ᠪᠡᠷ 150 ᠵᠢᠱᠢᠶ᠎ᠡ ᠦᠬᠡᠷ ᠢᠯᠢᠲᠦ ᠡᠪᠡᠳᠴᠢᠨ ᠢ ᠵᠠᠰᠠᠭᠰᠠᠨ ᠡᠮᠴᠢᠯᠡᠭᠡᠨ ᠦ ᠮᠡᠳᠡᠭᠦᠯᠦᠯᠲᠡ |
作者 |
ᠤᠶᠤᠨ; ᠰᠠᠷᠠᠭᠤᠯ |
关键词 |
ᠮᠣᠩᠭᠤᠯ ᠡᠮ; ᠦᠬᠡᠷ ᠢᠯᠢᠲᠦ; ᠵᠠᠰᠠᠬᠤ ᠠᠷᠭ᠎ᠠ |
摘要 |
ᠮᠣᠩᠭᠤᠯ ᠡᠮ ᠡᠷᠳᠡᠨᠢ ᠦᠷᠢᠯ ᠢᠶᠡᠷ ᠭᠤᠤᠯ ᠪᠤᠯᠭᠠᠨ ᠦᠬᠡᠷ ᠢᠯᠢᠲᠦ ᠡᠪᠡᠳᠴᠢᠨ ᠢ ᠡᠮᠨᠡᠨ ᠵᠠᠰᠠᠭᠰᠠᠨ ᠠᠴᠢ ᠲᠤᠰᠠ ᠶᠢ ᠠᠵᠢᠭᠯᠠᠪᠠ᠃ 300 ᠵᠢᠱᠢᠶ᠎ᠡ ᠦᠬᠡᠷ ᠢᠯᠢᠲᠦ ᠡᠪᠡᠳᠴᠢᠨ ᠢ ᠲᠠᠰᠢᠷᠠᠮ ᠢᠶᠠᠷ ᠡᠮᠴᠢᠯᠡᠭᠡ ᠶᠢᠨ ᠳᠤᠭᠤᠢᠯᠠᠩ ᠪᠠ ᠬᠠᠷᠢᠴᠠᠭᠤᠯᠬᠤ ᠳᠤᠭᠤᠢᠯᠠᠩ ᠲᠤᠰ ᠪᠦᠷᠢ 150 ᠵᠢᠱᠢᠶ᠎ᠡ ᠬᠤᠪᠢᠶᠠᠵᠤ᠂ ᠡᠮᠴᠢᠯᠡᠭᠡ ᠶᠢᠨ ᠳᠤᠭᠤᠢᠯᠠᠩ ᠳᠤ ᠮᠣᠩᠭᠤᠯ ᠡᠮ ᠡᠷᠳᠡᠨᠢ ᠦᠷᠢᠯ᠂ ᠪᠠᠰᠪᠦ᠋ᠷᠦ -5 ᠶᠢᠨ ᠲᠠᠩ᠂ ᠬᠦᠬᠦᠯ ᠭᠠᠷᠤᠳᠢ -15᠂ ᠲᠤᠤᠹᠢᠯᠠᠩ -7 ᠶᠢᠨ ᠲᠠᠩ ᠵᠡᠷᠭᠡ ᠶᠢ ᠦᠭᠴᠦ᠂ ᠬᠠᠷᠢᠴᠠᠭᠤᠯᠬᠤ ᠳᠤᠭᠤᠢᠠᠯᠩ ᠳᠤ ᠬᠢᠲᠠᠳ ᠡᠮ (银屑灵膏) ᠢ ᠦᠭᠭᠦᠪᠡ᠂ ᠨᠢᠭᠡ ᠡᠮᠴᠢᠯᠡᠭᠡᠨ ᠦ ᠬᠤᠭᠤᠴᠠᠭ᠎ᠠ 21 ᠡᠳᠦᠷ᠂ ᠨᠡᠢᠲᠡ 4 ᠡᠮᠴᠢᠯᠡᠭᠡᠨ ᠦ ᠬᠤᠭᠤᠴᠠᠭ᠎ᠠ ᠵᠠᠰᠠᠪᠠ᠃ ᠡᠮᠴᠢᠯᠡᠭᠡᠨ ᠦ ᠳ᠋ᠦᠩ ᠳᠦ᠂ ᠡᠮᠴᠢᠯᠡᠭᠡ ᠶᠢᠨ ᠳᠤᠭᠤᠢᠯᠠᠩ ᠤᠨ ᠶᠡᠷᠦᠩᠬᠡᠢ ᠡᠳᠡᠭᠡᠷᠡᠯᠲᠡ ᠨᠢ 84%᠂ ᠬᠠᠷᠢᠴᠠᠭᠤᠯᠬᠤ ᠳᠤᠭᠤᠢᠯᠠᠩ ᠤᠨ ᠶᠡᠷᠦᠩᠬᠡᠢ ᠡᠳᠡᠭᠡᠷᠡᠯᠲᠡ ᠨᠢ 66% ᠪᠠᠢᠵᠤ ᠬᠤᠭᠤᠷᠤᠨᠳᠤ ᠪᠠᠨ ᠢᠯᠡᠳᠲᠡ ᠵᠦᠷᠢᠶ᠎ᠡ ᠲᠡᠢ (P<0.05)᠃ ᠮᠣᠩᠭᠤᠯ ᠡᠮ ᠢᠶᠡᠷ ᠦᠬᠡᠷ ᠢᠯᠢᠲᠦ ᠡᠪᠡᠳᠴᠢᠨ ᠢ ᠵᠠᠰᠠᠬᠤ ᠨᠢ ᠡᠮᠴᠢᠯᠡᠭᠡᠨ ᠦ ᠠᠴᠢ ᠲᠤᠰᠠ ᠦᠨᠳᠦᠷ᠂ ᠡᠮᠴᠢᠯᠡᠭᠡᠨ ᠳᠡᠭᠡᠷ᠎ᠡ ᠲᠦᠭᠡᠮᠡᠯᠵᠢᠭᠦᠯᠵᠦ ᠪᠤᠯᠤᠨ᠎ᠠ᠃ |
原文 |
没有原文
|
出自 |
内蒙古民族大学学报(蒙医药学)
2015年
第1期
|