题名 |
ᠮᠣᠩᠭᠤᠯᠴᠤᠳ ᠤᠨ ᠮᠣᠳᠤᠨ ᠲᠡᠷᠭᠡ ᠶᠢᠨ ᠡᠭᠦᠰᠦᠯ ᠭᠦᠭᠵᠢᠯ ᠢ ᠨᠠᠷᠢᠪᠴᠢᠯᠠᠬᠤ ᠨᠢ |
作者 |
ᠲᠠᠮᠦᠷᠪᠦ᠋ᠬᠡ |
关键词 |
ᠮᠣᠩᠭᠤᠯᠴᠤᠳ; ᠮᠣᠳᠦᠨ ᠲᠡᠷᠭᠡ; ᠡᠭᠦᠰᠦᠯ ᠭᠦᠭᠵᠢᠯ |
摘要 |
ᠮᠣᠩᠭᠤᠯᠴᠤᠳ ᠤᠨ ᠮᠣᠳᠤᠨ ᠲᠡᠷᠭᠡ ᠨᠢ ᠠᠯᠢ ᠡᠷᠲᠡ ᠡᠴᠡ ᠡᠭᠦᠰᠦᠯ ᠲᠠᠢ ᠶᠣᠮ᠃ ᠡᠭᠦᠨ ᠤ ᠲᠣᠬᠠᠢ ᠡᠷᠳᠡᠮᠲᠡᠳ ᠲᠦᠪ ᠠᠽᠢᠶ ᠠ ᠶᠢᠨ ᠡᠴᠡ ᠡᠭᠦᠰᠦᠯ ᠠ ᠭᠡᠳᠡᠭ ᠲᠤ ᠦᠨᠳᠦᠰᠦᠨ ᠳ᠋ᠤ ᠪᠠᠨ ᠦᠵᠡᠯᠲᠡ ᠨᠢᠭᠡᠳᠴᠦ ᠪᠠᠢᠨ᠎ᠠ᠃ ᠲᠡᠦᠬᠡᠨ ᠲᠡᠮᠳᠡᠭᠯᠡᠯ ᠢ ᠦᠨᠳᠦᠰᠦᠯᠡᠪᠡᠯ ᠤᠮᠠᠷᠠᠲᠤ ᠶᠢᠨ ᠬᠦᠴᠦᠷᠭᠡᠭ ᠦᠨᠳᠦᠰᠦᠲᠡᠨ ᠡᠾᠦ᠋ᠩᠨᠦ᠂ ᠳ᠋ᠦᠩᠬᠤ ᠲᠦᠷᠺᠮ ᠭᠤᠣ ᠴᠧ᠂ ᠳ᠋ᠢᠩᠯᠢᠩ᠂ ᠬᠢᠲᠠᠨ; ᠵᠦᠷᠴᠢᠨ ᠪᠦᠷ ᠲᠡᠷᠭᠡ ᠵᠢ ᠦᠷᠭᠡᠨ ᠭᠡᠷᠡᠭᠯᠡᠵᠦ ᠪᠠᠢᠵᠠᠢ᠃ ᠮᠣᠩᠭᠤᠯᠴᠤᠳ ᠮᠣᠳᠤᠨ ᠲᠡᠷᠭᠡ ᠵᠢ ᠦᠷᠭᠡᠨ ᠬᠡᠷᠡᠭᠯᠡᠵᠦ ᠪᠠᠢᠭᠰᠠᠨ ᠲᠣᠬᠠᠢ 《ᠮᠣᠩᠭᠤᠯ ᠤᠨ ᠨᠢᠭᠤᠴᠠ ᠲᠤᠪᠴᠢᠶᠠᠨ》ᠵᠡᠷᠭᠡ ᠰᠤᠷᠪᠤᠯᠵᠢ ᠪᠢᠴᠢᠭ ᠤᠳ ᠲᠤ ᠮᠠᠰᠢ ᠪᠣᠳᠠᠳᠠᠢ ᠲᠡᠮᠳᠡᠭᠯᠡᠯ ᠤᠳ ᠪᠣᠢ᠃ ᠮᠣᠳᠤᠨ ᠲᠡᠷᠭᠡ ᠨᠢ ᠲᠡᠦᠬᠡ ᠶᠢᠨ ᠮᠠᠰᠢ ᠤᠷᠲᠤ ᠬᠤᠭᠤᠴᠠᠭᠠᠨ ᠳ᠋ᠤ ᠲᠦᠬᠦᠮ ᠡᠴᠡ ᠪᠠᠨ ᠪᠣᠳᠤᠯᠢᠶᠠᠨᠲᠠᠢ ᠤᠯᠠᠨ ᠤᠳᠠᠭᠠᠨ ᠤ ᠬᠤᠪᠢᠷᠠᠯᠲᠠ ᠬᠦᠭᠵᠢᠯᠲᠡ ᠵᠢ ᠲᠠᠮᠵᠢᠭᠠᠳ ᠣᠳᠤ ᠶᠢᠨ ᠮᠣᠩᠭᠤᠯᠴᠤᠳ ᠤᠨ ᠬᠡᠷᠡᠭᠯᠡᠳᠡᠭ ᠮᠣᠳᠤᠨ ᠲᠡᠷᠭᠡ ᠪᠣᠯᠤᠨ ᠪᠣᠯᠪᠠᠰᠤᠷᠠᠭᠰᠠᠨ ᠶᠣᠮ᠃ ᠴᠠᠭ ᠡᠷᠢᠨ ᠤ ᠬᠦᠭᠵᠢᠯᠲᠡ ᠵᠢ ᠲᠠᠭᠠᠯᠳᠤᠨ ᠮᠣᠳᠦᠨ ᠲᠡᠷᠭᠡ ᠨᠢᠭᠡᠨᠲᠡ ᠲᠡᠦᠬᠡᠲᠦ ᠡᠭᠦᠷᠭᠡ ᠪᠠᠨ ᠪᠶᠡᠯᠡᠭᠦᠯᠦᠭᠡᠳ ᠮᠦᠽᠸᠢ ᠶᠢᠨ ᠦᠵᠡᠮᠦᠷᠢ ᠪᠣᠯᠵᠠᠢ᠃ |
原文 |
查看原文
|
出自 |
赤峰学院学报(蒙文哲学社会科学版)
2015年
第1期
|