摘要 |
ᠲᠤᠰ ᠦᠭᠦᠯᠡᠯ ᠳ᠋ᠤ ᠶᠠᠫᠤᠨ ᠢ ᠡᠰᠡᠷᠭᠦᠴᠡᠬᠦ ᠲᠠᠢᠨ ᠤ ᠦᠶ ᠡ ᠶᠢᠨ᠂ ᠲᠤᠮᠳᠠᠳᠤ ᠤᠯᠤᠰ ᠤᠨ ᠡᠪ ᠬᠠᠮᠳᠤ ᠨᠠᠮ ᠡᠴᠡ ᠦᠪᠦᠷ ᠮᠣᠩᠭᠤᠯ ᠤᠨ ᠮᠣᠩᠭᠤᠯ ᠦᠨᠳᠦᠰᠦᠲᠡᠨ ᠳᠤ ᠠᠪᠤᠭᠰᠠᠨ ᠲᠦᠷᠦ ᠶᠢᠨ ᠪᠣᠳᠤᠯᠭ᠎ᠠ ᠶᠢᠨ ᠬᠣᠪᠢᠷᠠᠯᠲᠠ ᠬᠦᠭᠵᠢᠯᠲᠡ ᠵᠢ ᠰᠢᠨᠵᠢᠯᠡᠨ ᠰᠣᠳᠤᠯᠬᠤ ᠪᠡᠷ ᠲᠠᠮᠵᠢᠭᠤᠯᠤᠨ᠂ ᠲᠠᠢᠨ ᠤ ᠡᠬᠢᠨ ᠤ ᠦᠶ ᠡ ᠳ᠋ᠤ᠂ ᠮᠠᠨ ᠤ ᠨᠠᠮ ᠡᠴᠡ ᠦᠪᠡᠷᠲᠡᠡᠨ ᠰᠢᠢᠳᠪᠦᠷᠢᠯᠡᠬᠦ ᠪᠠ ᠦᠪᠡᠷᠲᠡᠭᠡᠨ ᠵᠠᠰᠠᠬᠤ ᠵᠢ ᠵᠡᠷᠭᠡᠪᠡᠷ ᠴᠢᠬᠤᠯᠠᠴᠢᠯᠠᠵᠤ ᠪᠠᠢᠭᠰᠠᠨ ᠪᠠ ᠰᠡᠭᠦᠯᠴᠢ ᠶᠢᠨ ᠦᠶ ᠡ ᠪᠣᠯᠤᠭᠠᠳ ᠦᠪᠡᠷᠲᠡᠭᠡᠨ ᠵᠠᠰᠠᠬᠤ ᠵᠢ ᠣᠨᠴᠠᠭᠠᠢᠯᠠᠠ ᠴᠢᠬᠤᠯᠠᠴᠢᠯᠠᠵᠤ ᠵᠢᠵᠢᠭ ᠬᠡᠪᠴᠢᠶᠠᠨ ᠤ ᠲᠣᠷᠰᠢᠯᠲᠠ ᠬᠢᠪᠠ᠃ ᠡᠨᠡ ᠨᠢ ᠵᠢᠩᠭᠢᠨᠢ ᠪᠡᠷ ᠦᠨᠳᠦᠰᠦᠲᠡᠨ ᠤ ᠣᠷᠤᠨ ᠤ ᠦᠪᠡᠷᠲᠡᠭᠡᠨ ᠵᠠᠰᠠᠬᠤ ᠲᠦᠷᠦ ᠶᠢᠨ ᠪᠣᠳᠤᠯᠭ᠎ᠠ ᠵᠢ ᠲᠤᠭᠲᠠᠭᠠᠬᠤ ᠳ᠋ᠤ ᠤᠨᠤᠯ ᠬᠢᠭᠡᠳ ᠦᠢᠯᠡᠳᠦᠯᠭᠡ ᠶᠢᠨ ᠲᠠᠯ ᠠ ᠪᠡᠷ ᠪᠠᠲᠤ ᠪᠡᠬᠢ ᠰᠠᠭᠤᠷᠢ ᠵᠢ ᠲᠠᠯᠪᠢᠭᠰᠠᠨ ᠭᠡᠵᠦ ᠦᠵᠡᠪᠡ᠃ |