题名 |
ᠣᠳᠣ ᠦᠶ᠎ᠡ ᠶᠢᠨ ᠮᠣᠩᠭᠣᠯ ᠤᠷᠠᠨ ᠵᠣᠬᠢᠶᠠᠯ ᠰᠣᠳᠤᠯᠭᠠᠨ ᠤ ᠬᠦᠭ᠍ᠵᠢᠯ ᠦᠨ ᠲᠦᠯᠦᠪ |
作者 |
ᠪᠡ•ᠰᠦᠬᠡ |
关键词 |
ᠣᠳᠣ ᠦᠶ᠎ᠡ; ᠮᠣᠩᠭᠣᠯ ᠤᠷᠠᠨ ᠵᠣᠬᠢᠶᠠᠯ; ᠰᠣᠳᠤᠯᠭᠠᠨ ᠤ ᠬᠦᠭ᠍ᠵᠢᠯ |
摘要 |
ᠣᠳᠣ ᠦᠶ᠎ᠡ ᠶᠢᠨ ᠮᠣᠩᠭᠣᠯ ᠤᠷᠠᠨ ᠵᠣᠬᠢᠶᠠᠯ ᠰᠣᠳᠤᠯᠭᠠᠨ ᠢ ᠨᠠᠷᠢᠪᠴᠢᠯᠠᠨ ᠠᠵᠢᠭᠯᠠᠬᠤᠶ᠎ᠠ᠂ ᠤᠷᠠᠨ ᠵᠣᠬᠢᠶᠠᠯ ᠤᠨ ᠣᠨᠣᠯ ᠶᠣᠰᠤ ᠶᠢ ᠲᠦᠭᠡᠮᠡᠯᠵᠢᠭᠦᠯᠬᠦ ᠪᠣᠯᠤᠨ ᠣᠷᠠᠨ ᠵᠣᠬᠢᠶᠠᠯ ᠤᠨ ᠦᠨᠳᠦᠰᠦᠲᠡᠨ ᠦ ᠰᠢᠨᠵᠢ ᠶᠢ ᠰᠦᠪᠡᠭ᠍ᠴᠢᠯᠡᠨ ᠣᠨᠣᠯᠵᠢᠭᠤᠯᠬᠤ᠂ ᠣᠳᠣ ᠦᠶ᠎ᠡ ᠶᠢᠨ ᠮᠣᠩᠭᠣᠯ ᠵᠣᠬᠢᠶᠠᠯᠴᠢᠳ ᠤᠨ ᠵᠣᠬᠢᠶᠠᠯ ᠪᠦᠲᠦᠭᠡᠯ ᠢ ᠰᠢᠭᠦᠮᠵᠢᠯᠡᠨ ᠦᠨᠡᠯᠡᠬᠦ᠂ ᠮᠣᠩᠭᠣᠯ ᠰᠢᠯᠦᠭ ᠵᠦᠢ ᠶᠢᠨ ᠰᠣᠳᠤᠯᠭᠠᠨ᠂ ᠣᠳᠣ ᠦᠶ᠎ᠡ ᠶᠢᠨ ᠮᠣᠩᠭᠣᠯ ᠤᠷᠠᠨ ᠵᠣᠬᠢᠶᠠᠯ ᠤᠨ ᠬᠣᠷᠣ᠎ᠠ ᠰᠢᠨᠵᠯᠡᠯ ᠵᠡᠷᠭᠡ ᠲᠠᠯ᠎ᠠ ᠪᠠᠷ ᠳᠣᠪᠣᠢ᠌ᠮᠠ ᠠᠮᠵᠢᠯᠲᠠ ᠣᠯᠤᠭᠰᠠᠨ ᠨᠢ ᠪᠣᠰᠤᠳᠴᠢ ᠶᠠᠪᠤᠳᠠᠯ ᠪᠣᠯᠤᠨ᠎ᠠ᠃ ᠣᠳᠣ ᠦᠶ᠎ᠡ ᠶᠢᠨ ᠮᠣᠩᠭᠣᠯ ᠤᠷᠠᠨ ᠵᠣᠬᠢᠶᠠᠯ ᠰᠣᠳᠤᠯᠭᠠᠨ ᠤ《ᠰᠢᠨ᠎ᠡ》 ᠶᠢ ᠰᠦᠪᠡᠭ᠍ᠴᠢᠯᠡᠬᠦ ᠭᠡᠪᠡᠯ᠂ ᠡᠷᠬᠡᠪᠰᠢ ᠣᠳᠣ ᠦᠶ᠎ᠡ ᠶᠢᠨ ᠮᠣᠩᠭᠣᠯ ᠤᠷᠠᠨ ᠵᠣᠬᠢᠶᠠᠯ ᠤᠨ ᠰᠢᠭᠦᠮᠵᠢ ᠶᠢᠨ《ᠦᠪᠡᠷ》 ᠦᠨ ᠬᠡᠭᠦ ᠲᠤᠰᠠᠭᠠᠷ ᠪᠠᠢ᠌ᠷᠢ ᠰᠠᠭᠤᠷᠢ ᠶᠢ ᠴᠢᠬᠤᠯᠴᠢᠯᠠᠨ ᠴᠣᠭᠴᠠᠯᠠᠬᠤ ᠬᠡᠷᠡᠭᠲᠡᠢ᠃ ᠰᠢᠨ᠎ᠡ ᠵᠠᠭᠤᠨ ᠤ ᠮᠣᠩᠭᠣᠯ ᠤᠷᠠᠨ ᠵᠣᠬᠢᠶᠠᠯ ᠤᠨ ᠰᠢᠭᠦᠮᠵᠢ ᠨᠢ ᠦᠩᠭᠡᠷᠡᠭᠰᠡᠨ ᠦ ᠣᠨᠣᠯ ᠰᠢᠭᠦᠮᠵᠢ ᠰᠢᠭ᠌ ᠵᠣᠬᠢᠶᠠᠯᠴᠢ ᠶᠢᠨ ᠵᠣᠬᠢᠶᠠᠯ ᠪᠦᠲᠦᠭᠡᠯ ᠢ ᠪᠣᠷᠪᠢᠳᠠᠬᠤ ᠪᠣᠶᠣ ᠵᠣᠬᠢᠶᠠᠯ ᠪᠦᠲᠦᠭᠡᠯ ᠦᠨ《ᠳᠠᠭᠠᠯᠲᠠ ᠶᠠᠭᠤᠮ᠎ᠠ》ᠪᠠᠢ᠌ᠵᠤ ᠪᠣᠯᠬᠤ ᠦᠭᠡᠢ᠂ ᠬᠠᠷᠢᠨ ᠡᠷᠬᠡᠪᠰᠢ ᠲᠦᠰᠦᠭᠯᠡᠬᠦᠢ ᠰᠢᠨᠵᠢ᠂ ᠬᠦᠲᠦᠯᠬᠦᠢ ᠰᠢᠨᠵᠢᠲᠡᠢ ᠪᠠᠢ᠌ᠬᠤ ᠬᠡᠷᠡᠭᠲᠡᠢ᠃ ᠡᠷᠬᠡᠪᠰᠢ ᠣᠳᠣ ᠦᠶ᠎ᠡ ᠶᠢᠨ ᠮᠣᠩᠭᠣᠯ ᠤᠷᠠᠨ ᠵᠣᠬᠢᠶᠠᠯ ᠤᠨ ᠣᠨᠣᠯ ᠰᠢᠭᠦᠮᠵᠢ ᠶᠢᠨ ᠣᠯᠠᠨ ᠲᠠᠯᠠᠴᠢᠯᠠᠭᠰᠠᠨ ᠣᠷᠴᠢᠨ ᠢ ᠪᠣᠢ ᠪᠣᠯᠭᠠᠵᠤ᠂ ᠴᠢᠯᠦᠭᠡᠲᠡᠢ ᠶᠠᠷᠢᠯᠴᠠᠭᠤᠯᠬᠤ ᠰᠠᠢ᠌ᠬᠠᠨ ᠣᠷᠴᠢᠨ ᠳᠤ ᠮᠣᠩᠭᠣᠯ ᠣᠨᠣᠯ ᠰᠢᠭᠦᠮᠵᠢ ᠶᠢ ᠬᠦᠭ᠍ᠵᠢᠭᠦᠯᠪᠡᠯ ᠵᠣᠬᠢᠨ᠎ᠠ᠃ |
原文 |
查看原文
|
出自 |
内蒙古民族大学学报(社会科学)
2008年
第2期
|