摘要 |
ᠣᠷᠴᠢᠨ ᠦᠶ᠎ᠡ ᠶᠢᠨ ᠦᠯᠢᠭᠡᠷᠲᠦ ᠳᠠᠭ᠋ᠤᠤ ᠶᠢᠨ ᠶᠡᠬᠡ ᠬᠦᠭᠵᠢᠯ ᠨᠢ ᠣᠯᠠᠨ ᠲᠠᠯ᠎ᠠ ᠶᠢᠨ ᠨᠡᠢᠭᠡᠮ ᠦᠨ ᠰᠢᠯᠲᠠᠭ᠋ᠠᠨ ᠪᠠ ᠲᠡᠦᠬᠡ ᠶᠢᠨ ᠰᠤᠷᠪᠤᠯᠵᠢ ᠪᠠᠢᠬᠤ ᠶᠤᠰᠤᠲᠠᠢ᠃ ᠡᠭᠦᠨ ᠦ ᠳᠤᠲᠤᠷ᠎ᠠ᠂ ᠭᠠᠵᠠᠷ ᠰᠢᠷᠦᠢ ᠶᠢᠨ ᠠᠰᠠᠭ᠋ᠤᠳᠠᠯ ᠪᠤᠯ ᠦᠯᠢᠭᠡᠷᠲᠦ ᠳᠠᠭ᠋ᠤᠤ ᠶᠢᠨ ᠠᠭ᠋ᠤᠯᠭ᠎ᠠ ᠶᠢ ᠲᠡᠭᠦᠯᠳᠡᠷᠵᠢᠭᠦᠯᠦᠨ᠂ ᠤᠳᠬ᠎ᠠ ᠶᠢ ᠭᠦᠨᠵᠡᠭᠡᠢᠷᠡᠭᠦᠯᠵᠦ᠂ ᠦᠵᠡᠯ ᠰᠠᠨ᠋ᠠᠭ᠋ᠠᠨ ᠤ ᠳᠠᠢᠴᠢᠨ ᠴᠢᠨ᠋ᠠᠷ ᠢ ᠬᠤᠷᠴᠢᠯᠠᠭᠰᠠᠨ ᠴᠢᠬᠤᠯᠠ ᠨᠢᠭᠡᠨ ᠰᠤᠷᠪᠤᠯᠵᠢ ᠰᠢᠯᠲᠠᠭ᠋ᠠᠨ ᠪᠤᠯᠬᠤ ᠶᠤᠮ᠃ ᠤᠴᠢᠷ ᠨᠢ ᠣᠳᠣ ᠬᠦᠷᠲᠡᠯ᠎ᠡ ᠤᠯᠠᠮᠵᠢᠯᠠᠭᠳᠠᠵᠤ ᠢᠷᠡᠭᠰᠡᠨ ᠨᠡᠯᠢᠶᠡᠳ ᠣᠯᠠᠨ ᠦᠯᠢᠭᠡᠷᠲᠦ ᠳᠠᠭ᠋ᠤᠤ ᠨᠢ ᠭᠠᠵᠠᠷ ᠰᠢᠷᠦᠢ ᠶᠢᠨ ᠠᠰᠠᠭ᠋ᠤᠳᠠᠯ ᠳᠤ ᠰᠡᠳᠦᠪᠯᠡᠭᠳᠡᠭᠰᠡᠨ ᠪᠦᠭᠡᠳ ᠦᠵᠡᠯ ᠰᠠᠨ᠋ᠠᠭ᠎ᠠ ᠪᠠ ᠤᠷᠠᠯᠢᠭ ᠤᠨ ᠲᠠᠯ᠎ᠠ ᠪᠠᠷ ᠪᠦᠷ ᠳᠡᠭᠡᠳᠦ ᠬᠡᠮᠵᠢᠶᠡᠨ ᠦ ᠠᠮᠵᠢᠯᠲᠠ ᠲᠠᠢ ᠪᠠᠢᠭ᠎ᠠ ᠶᠤᠮ᠃ |