题名 |
ᠮᠠᠨᠵᠤ ᠦᠰᠦᠭ ᠶᠢᠨᠷ ᠳᠡᠮᠳᠡᠭᠯᠡᠭᠰᠡᠨ ᠮᠣᠩᠭᠣᠯ ᠬᠡᠯᠡᠨ ᠦ ᠮᠠᠲ᠋ᠸᠷᠢᠶᠠᠯ ᠳᠤ ᠮᠣᠩᠭᠣᠯ ᠬᠡᠯᠡᠨ ᠦ ᠦᠢᠯᠡ ᠦᠬᠡ ᠶᠢᠨ ᠳᠠᠭᠠᠪᠤᠷᠢ ᠨᠤᠭᠤᠳ ᠢ ᠳᠡᠮᠳᠡᠭᠡᠯᠡᠭᠰᠡᠨ ᠲᠤᠬᠠᠢ |
作者 |
ᠤᠷᠢᠶᠠᠩᠬᠠᠲᠠᠢ ᠭᠦᠷᠡᠯᠪᠠᠭᠠᠳᠤᠷ |
关键词 |
18 ᠳ᠋ᠤᠭᠠᠷ ᠵᠠᠭᠤᠨ ; ᠮᠣᠩᠭᠣᠯ ᠬᠡᠯᠡᠨ ᠦ ᠦᠢᠯᠡ ᠦᠬᠡ ᠶᠢᠨ ᠳᠠᠭᠠᠪᠤᠷᠢ ; ᠮᠠᠨᠵᠤ ᠬᠡᠯᠡᠨ ᠦ ᠮᠠᠲ᠋ᠸᠷᠢᠶᠠᠯ |
摘要 |
ᠳᠤᠰ ᠦᠭᠦᠯᠡᠯ ᠳᠤ 18 ᠳ᠋ᠤᠭᠠᠷ ᠵᠠᠭᠤᠨ ᠦ ᠡᠬᠢᠨ ᠳᠤ ᠮᠠᠨᠵᠤ ᠦᠰᠦᠭ ᠶᠢᠨᠷ ᠳᠡᠮᠳᠡᠭᠯᠡᠭᠰᠡᠨ ᠮᠠᠲ᠋ᠸᠷᠢᠶᠠᠯ ᠳᠡᠭᠡᠷ ᠡ ᠰᠠᠭᠤᠷᠢᠯᠠᠵᠤ᠂ ᠳᠡᠳᠡᠭᠡᠷ ᠮᠠᠲ᠋ᠸᠷᠢᠶᠠᠯ ᠤᠤᠨ ᠲᠤ ᠮᠣᠩᠭᠣᠯ ᠪᠢᠴᠢᠭ᠌ ᠤᠨ ᠬᠡᠯᠡ ᠪᠤᠶᠤ ᠰᠤᠩᠭ᠋ᠤᠳᠠᠭ ᠪᠢᠴᠢᠭ᠌ ᠤᠨ ᠬᠡᠯᠡᠨ ᠦ ᠦᠢᠯᠡ ᠦᠬᠡ ᠶᠢᠨ ᠳᠠᠭᠠᠪᠤᠷᠢ ᠨᠤᠭᠤᠤ ᠢ ᠮᠠᠨᠵᠤ ᠦᠰᠦᠭ ᠶᠢᠨᠷ ᠬᠡᠷᠬᠢᠨ ᠪᠢᠴᠢᠵᠦ ᠳᠡᠮᠳᠡᠭᠯᠡᠵᠤ ᠪᠠᠢ᠌ᠭᠰᠠᠨ ᠲᠤᠬᠠᠢ ᠰᠢᠨᠵᠢᠯᠡᠭᠡᠨ ᠬᠢᠵᠡᠢ᠃ ᠡᠭᠦᠨ ᠳᠤ ᠦᠢᠯᠡ ᠦᠬᠡ ᠶᠢᠨ ᠴᠠᠭ ᠤᠨ ᠳᠠᠭᠠᠪᠤᠷᠢ᠂ ᠵᠤᠬᠢᠷᠬᠤ ᠬᠦᠰᠡᠬᠦ ᠦᠢᠯᠡ ᠦᠬᠡ ᠶᠢᠨ ᠳᠠᠭᠠᠪᠤᠷᠢ᠂ ᠨᠦᠭᠦᠴᠡᠯ ᠦᠢᠯᠡ ᠦᠬᠡ ᠶᠢᠨ ᠳᠠᠭᠠᠪᠤᠷᠢ᠂ ᠳᠡᠮᠳᠡᠭ ᠦᠢᠯᠡ ᠦᠬᠡ ᠶᠢᠨ ᠳᠠᠭᠠᠪᠤᠷᠢ᠂ ᠬᠡᠪ ᠤᠨ ᠳᠠᠭᠠᠪᠤᠷᠢ᠂ ᠪᠠᠢ᠌ᠳᠠᠯ ᠤᠨ ᠳᠠᠭᠠᠪᠤᠷᠢ ᠵᠡᠷᠭᠡ ᠠᠭᠤᠯᠭ᠎ᠠ ᠪᠠᠭᠳᠠᠯᠴᠠᠨ᠎ᠠ᠃ ᠡᠨᠳᠡ ᠠᠰᠢᠭᠯᠠᠭᠰᠠᠨ ᠮᠠᠲ᠋ᠸᠷᠢᠠᠯ ᠤᠨ ᠭᠤᠤᠯ ᠨᠢ ᠲᠤᠯᠢ ᠪᠢᠴᠢᠭ᠌ ᠪᠤᠯᠤᠨ᠎ᠠ᠃ ᠦᠷᠭᠦᠯᠵᠢᠯᠡᠭᠰᠡᠨ ᠦᠬᠡ ᠶᠢᠨ ᠵᠤᠬᠢᠶᠠᠯ ᠲᠤᠩ ᠬᠤᠪᠤᠷ ᠪᠠᠢ᠌ᠨ᠎ᠠ᠃ ᠡᠭᠦᠨ ᠡᠴᠡ ᠰᠢᠯᠳᠠᠭᠠᠯᠠᠵᠤ᠂ ᠵᠤᠷᠢᠮ ᠭᠠᠷᠬᠤ ᠪᠤᠯᠤᠮᠵᠢᠲᠠᠢ ᠳᠠᠭᠠᠪᠤᠷᠢ ᠭᠠᠷᠤᠭᠰᠠᠨ ᠦᠬᠡᠢ ᠪᠤᠶᠤ ᠵᠠᠷᠢᠮ ᠳᠠᠭᠠᠪᠤᠷᠢ ᠶᠢᠨ ᠴᠢᠩᠭ᠎ᠠ ᠬᠦᠨᠳᠡᠢ ᠬᠤᠶᠠᠷ ᠬᠡᠯᠪᠡᠷᠢ ᠶᠢᠨ ᠳᠤᠳᠤᠷ ᠠ ᠡᠴᠡ ᠨᠢᠭᠡ ᠨᠢ ᠭᠠᠷᠤᠭᠠᠳ ᠂ ᠨᠦᠭᠦᠭᠡ ᠨᠢ ᠭᠠᠷᠤᠭᠰᠠᠨ ᠦᠬᠡᠢ ᠲᠤᠬᠢᠶᠠᠯ ᠴᠤ ᠪᠤᠢ᠃ |
原文 |
查看原文
|
出自 |
内蒙古大学学报
2008年
第5期
|