题名 |
ᠣᠳᠣ ᠦᠶ᠎ᠡ ᠶᠢᠨ ᠣᠢ᠌ᠢᠷᠠᠳ ᠤᠳᠬ᠎ᠠ ᠵᠣᠬᠢᠶᠠᠯ ᠤᠨ ᠲᠣᠢ᠌ᠢᠮᠣ |
作者 |
ᠰᠦᠶᠦᠬᠡ |
关键词 |
ᠣᠳᠣ ᠦᠶ᠎ᠡ; ᠣᠢ᠌ᠢᠷᠠᠳ ᠤᠳᠬ᠎ᠠ ᠵᠣᠬᠢᠶᠠᠯ |
摘要 |
ᠦᠭᠦᠯᠡᠯ ᠳᠥ ᠣᠳᠣ ᠦᠶ᠎ᠡ ᠶᠢᠨ ᠣᠢ᠌ᠢᠷᠠᠳ ᠤᠳᠬ᠎ᠠ ᠵᠣᠬᠢᠶᠠᠯ ᠤᠨ ᠡᠭᠦᠰᠦᠯ ᠬᠦᠭ᠍ᠵᠢᠯ ᠢ ᠪᠣᠳᠠᠳᠤ ᠵᠣᠬᠢᠶᠠᠯ ᠪᠦᠲᠦᠭᠡᠯ ᠢᠶᠡᠷ ᠪᠠᠷᠢᠮᠲᠠ ᠪᠣᠯᠭᠠᠵᠤ᠂ ᠲᠡᠭᠦᠨ ᠦ ᠦᠨᠳᠦᠰᠦᠨ ᠪᠠᠢ᠌ᠳᠠᠯ ᠲᠦᠷᠬᠦ ᠶᠢ ᠨᠣᠲᠠᠯᠠᠨ ᠦᠭᠦᠯᠡᠵᠡᠢ᠃ ᠭᠡᠬᠦ ᠳᠥ ᠪᠡᠨ ᠣᠳᠣ ᠦᠶ᠎ᠡ ᠶᠢᠨ ᠣᠢ᠌ᠷᠠᠳ ᠤᠳᠬ᠎ᠠ ᠵᠣᠬᠢᠶᠠᠯ ᠤᠨ ᠲᠣᠢ᠌ᠮᠣ ᠳᠣᠭᠠᠴᠢᠯᠲᠠ᠂ ᠣᠳᠣ ᠦᠶ᠎ᠡ ᠶᠢᠨ ᠢᠷᠠᠭᠤ ᠨᠠᠢ᠌ᠷᠠᠭ᠂ ᠣᠳᠣ ᠦᠶ᠎ᠡ ᠶᠢᠨ ᠲᠣᠭᠤᠵᠢᠰ ᠵᠡᠷᠭᠡ ᠭᠤᠷᠪᠠᠨ ᠲᠣᠮᠣ ᠬᠡᠰᠡᠭ ᠲᠥ ᠬᠣᠪᠢᠶᠠᠨ ᠰᠦᠪᠡᠭ᠍ᠴᠢᠯᠡᠯ ᠦᠷᠨᠢᠭᠦᠯᠵᠦ ᠰᠢᠨᠵᠢᠶᠠᠩ ᠣᠷᠤᠨ᠂ ᠬᠦᠬᠡᠨᠠᠭᠤᠷ ᠮᠣᠵᠢ᠂ ᠭᠠᠨᠰᠤ ᠮᠣᠵᠢ ᠶᠢᠨ ᠰᠦᠪᠸᠢ ᠣᠷᠤᠨ ᠤ ᠮᠣᠩᠭ᠋ᠣᠯᠴᠤᠳ ᠤᠨ ᠵᠣᠬᠢᠶᠠᠯ ᠪᠦᠲᠦᠭᠡᠯ ᠢ ᠴᠦᠮ ᠰᠣᠳᠤᠯᠭᠠᠨ ᠤ ᠬᠠᠷᠠᠭᠠᠨ ᠳᠤ ᠪᠠᠨ ᠣᠷᠤᠭᠤᠯᠵᠤ᠂ ᠠᠪᠰᠠᠷ ᠪᠦᠭᠡᠳ ᠰᠢᠰᠲ᠋ᠸᠮ ᠲᠠᠢ ᠦᠭᠦᠯᠡᠭᠰᠡᠨ ᠪᠠᠢ᠌ᠨ᠎ᠠ᠃ ᠲᠡᠭᠡᠭᠡᠳ ᠣᠢ᠌ᠷᠠᠳ ᠤᠳᠬ᠎ᠠ ᠵᠣᠬᠢᠶᠠᠯ ᠢ ᠳᠤᠮᠳᠠᠳᠤ ᠤᠯᠤᠰ ᠤᠨ ᠮᠣᠩᠭᠣᠯ ᠤᠳᠬ᠎ᠠ ᠵᠣᠬᠢᠶᠠᠯ ᠤᠨ ᠤᠷᠭᠠᠨᠢᠭ ᠴᠣᠭᠴᠠ ᠶᠢᠨ ᠰᠠᠯᠵᠤ ᠪᠣᠯᠤᠰᠢ ᠦᠭᠡᠢ ᠴᠢᠬᠤᠯᠠ ᠨᠢᠭᠡᠨ ᠪᠦᠷᠢᠯᠳᠦᠭᠡᠨ ᠢᠶᠡᠷ ᠦᠵᠡᠬᠦ ᠶᠢᠨ ᠳᠠᠭᠠᠤ᠂ ᠣᠷᠤᠨ ᠨᠤᠲᠤᠭ ᠤᠨ ᠦᠪᠡᠷᠮᠢᠴᠡ ᠣᠨᠴᠠᠯᠢᠭ ᠢ ᠨᠢ ᠴᠣ ᠨᠢᠭ᠌ᠲᠠᠯᠠᠨ ᠭᠠᠷᠭᠠᠭᠰᠠᠨ ᠶᠣᠮ᠃ |
原文 |
查看原文
|
出自 |
内蒙古民族大学学报(社会科学)
2008年
第4期
|