论文信息


题名 ᠤᠶᠤᠲᠠᠳ ᠤᠨ ᠶᠡᠬᠡ ᠰᠤᠷᠭᠠᠭᠤᠯᠢ ᠶᠢᠨ ᠰᠤᠷᠤᠯᠭ᠎ᠠ ᠠᠮᠢᠳᠤᠷᠠᠯ ᠳᠤ ᠲᠤᠬᠢᠷᠠᠯᠴᠠᠬᠤ ᠶᠢ ᠰᠤᠷᠭᠠᠨ ᠬᠦᠮᠦᠵᠢᠯ ᠢᠶᠡᠷ ᠠᠭᠢᠭᠤᠯᠬᠤ ᠰᠤᠳᠤᠯᠤᠯ
作者 ᠮᠦᠩᠭᠦᠨᠪᠠᠭᠠᠨ᠎ᠠ; ᠹᠦᠴᠢᠤᠸᠠᠨ; ᠵᠤᠤ ᠹᠧᠩ ᠴᠢ; ᠬᠠᠩ ᠬᠤᠩ ᠰᠢᠶᠠ
关键词 ᠰᠢᠨ᠎ᠡ ᠤᠶᠤᠲᠠᠳ; ᠢᠳᠡᠪᠬᠢᠲᠡᠢ ᠲᠤᠬᠢᠷᠠᠯᠴᠠᠬᠤ; ᠲᠦᠯᠦᠪᠰᠢᠷᠡᠩᠭᠦᠢ ᠬᠦᠭᠵᠢᠯᠲᠡ
摘要 ᠶᠡᠬᠡ ᠰᠤᠷᠭᠠᠭᠤᠯᠢ ᠶᠢᠨ ᠤᠶᠤᠲᠠᠳ ᠲᠤ ᠠᠪᠴᠤ ᠬᠡᠯᠡᠪᠡᠯ᠂ ᠲᠦᠷᠦᠭᠦᠴᠢ ᠶᠢᠨ ᠬᠤᠶᠠᠷ ᠰᠠᠷ᠎ᠠ ᠶᠢᠨ ᠰᠤᠷᠤᠯᠴᠠᠯᠭ᠎ᠠ ᠨᠢ ᠲᠤᠩ ᠴᠢᠬᠤᠯᠠ ᠪᠠᠢᠵᠤ᠂ ᠦᠷᠭᠦᠯᠵᠢᠯᠡᠨ ᠬᠦᠭᠵᠢᠬᠦ ᠬᠦᠭᠵᠢᠯᠲᠡ ᠶᠢᠨ ᠬᠠᠨᠳᠤᠰᠢ ᠶᠢ ᠲᠤᠭᠲᠠᠭᠠᠨ᠂ ᠰᠤᠷᠤᠯᠭ᠎ᠠ ᠶᠢᠨ ᠬᠢᠷᠢ ᠪᠦᠲᠦᠮᠵᠢ ᠶᠢᠨ ᠳᠡᠭᠡᠭᠰᠢᠯᠡᠬᠦ ᠵᠡᠷᠭᠡ ᠶᠡᠬᠡ ᠰᠤᠷᠭᠠᠭᠤᠯᠢ ᠶᠢᠨ ᠰᠤᠷᠤᠯᠭ᠎ᠠ ᠠᠮᠢᠳᠤᠷᠠᠯ ᠤᠨ ᠣᠯᠠᠨ ᠲᠠᠯ᠎ᠠ ᠶᠢᠨ ᠰᠠᠭᠤᠷᠢ ᠶᠢ ᠲᠠᠯᠪᠢᠬᠤ ᠪᠤᠯᠤᠨ᠎ᠠ᠃ ᠲᠤᠰ ᠦᠭᠦᠯᠡᠯ ᠳᠦ᠂ ᠰᠤᠷᠤᠭᠴᠢᠳ ᠶᠡᠬᠡ ᠰᠤᠷᠭᠠᠭᠤᠯᠢ ᠳᠤ ᠰᠢᠯᠭᠠᠨ ᠣᠷᠤᠵᠤ ᠢᠷᠡᠭᠰᠡᠨ ᠦ ᠳᠠᠷᠠᠭ᠎ᠠ᠂ ᠶᠡᠬᠡ ᠰᠤᠷᠭᠠᠭᠤᠯᠢ ᠪᠠ ᠳᠤᠮᠳᠠᠳᠤ ᠰᠤᠷᠭᠠᠭᠤᠯᠢ ᠶᠢᠨ ᠰᠤᠷᠤᠯᠴᠠᠯᠭ᠎ᠠ ᠶᠢᠨ ᠬᠤᠭᠤᠷᠤᠨᠳᠤᠬᠢ ᠢᠯᠭᠠᠭ᠎ᠠ ᠶᠢ ᠲᠤᠳᠤᠷᠬᠠᠢ ᠮᠡᠳᠡᠵᠦ᠂ ᠰᠤᠷᠤᠯᠭ᠎ᠠ ᠪᠠ ᠠᠮᠢᠳᠤᠷᠠᠯ ᠢᠶᠠᠨ ᠰᠢᠨᠵᠢᠯᠡᠬᠦ ᠤᠬᠠᠭᠠᠨᠴᠢ ᠪᠠᠷ ᠲᠤᠬᠢᠷᠠᠭᠤᠯᠤᠨ᠂ ᠡᠷᠴᠢᠮ ᠲᠡᠢ ᠪᠡᠷ ᠰᠤᠷᠤᠯᠴᠠᠵᠤ᠂ ᠦᠪᠡᠷ ᠢ ᠪᠡᠨ ᠲᠦᠯᠦᠪᠰᠢᠷᠡᠭᠦᠯᠦᠨ ᠬᠦᠭᠵᠢᠭᠦᠯᠬᠦ ᠠᠵᠢᠯᠯᠠᠭ᠎ᠠ ᠪᠠ ᠦᠢᠯᠡᠳᠦᠯᠭᠡ ᠶᠢ ᠢᠳᠡᠪᠬᠢᠲᠡᠢ ᠪᠡᠷ ᠬᠠᠢᠵᠤ᠂ ᠵᠤᠷᠢᠭᠲᠠᠢ ᠪᠠᠷ ᠲᠤᠷᠰᠢᠵᠤ᠂ ᠨᠢᠭᠡᠨ ᠰᠠᠢᠨ ᠰᠠᠢᠬᠠᠨ ᠰᠤᠷᠤᠯᠴᠠᠬᠤ ᠳᠠᠳᠬᠠᠯ ᠢ ᠪᠤᠢ ᠪᠤᠯᠭᠠᠬᠤ ᠲᠤᠬᠠᠢ ᠳᠡᠯᠭᠡᠷᠡᠭᠦᠯᠦᠨ ᠦᠭᠦᠯᠡᠬᠦ ᠶᠢᠨ ᠤᠯᠠᠮ ᠢᠶᠠᠷ᠂ ᠶᠡᠬᠡ ᠰᠤᠷᠭᠠᠭᠤᠯᠢ ᠶᠢᠨ ᠪᠠᠭᠰᠢ ᠨᠠᠷ ᠤᠨ ᠰᠤᠷᠤᠭᠴᠢᠳ ᠤᠨ ᠰᠡᠳᠬᠢᠭᠦᠢ ᠶᠢᠨ ᠣᠨᠴᠠᠯᠢᠭ᠂ ᠮᠡᠳᠡᠯᠭᠡ ᠶᠢᠨ ᠰᠢᠰᠲ᠋ᠧᠮ ᠪᠡ ᠳᠠᠳᠬᠠᠯ ᠵᠡᠷᠭᠡ ᠳᠦ ᠵᠦᠪ ᠣᠢᠯᠠᠭᠠᠯᠲᠠ ᠲᠠᠢ ᠪᠠᠷ ᠪᠦᠲᠦᠮᠵᠢᠲᠡᠢ ᠵᠢᠭᠠᠨ ᠰᠤᠷᠭᠠᠯᠲᠠ ᠬᠢᠬᠦ ᠳᠦ ᠨᠢᠭᠡ ᠯᠠᠪᠯᠠᠬᠤ ᠮᠠᠲ᠋ᠧᠷᠢᠶᠠᠯ ᠢ ᠬᠠᠩᠭᠠᠬᠤ ᠬᠡᠮᠡᠨ ᠵᠤᠷᠢᠭᠰᠠᠨ ᠪᠠᠢᠨ᠎ᠠ᠃
原文 没有原文
出自 内蒙古师范大学学报(自然科学蒙古文版) 2013年 第2期

联系我们


内蒙古大学图书馆
呼和浩特市大学西路235号
中国·内蒙古
P: (0471) 4992561
E: huangfeilong@imu.edu.cn