摘要 |
ᠮᠣᠩᠭᠤᠯ ᠬᠡᠯᠡ ᠤ ᠦᠭᠡ ᠶᠢᠨ ᠪᠦᠲᠦᠴᠡ ᠶᠢᠨ ᠬᠢᠨᠢ ᠲᠠᠯ ᠠ ᠡᠴᠡ ᠠᠵᠢᠭᠯᠠᠭᠠᠳ ᠦᠵᠡᠪᠡᠯ᠂ ᠰᠤᠨᠢᠷᠬᠠᠢᠯᠲᠠᠢ ᠵᠦᠢᠯ ᠶᠡᠬᠡ ᠤᠯᠠᠨ ᠪᠠᠢᠳᠠᠭ᠃ ᠢᠩᠭᠢᠳᠡᠭ ᠪᠢ 《ᠤᠲᠤ ᠦᠶ ᠠ ᠶᠢᠨ ᠮᠣᠠᠩᠭᠤᠯ ᠬᠡᠯᠡᠨ ᠤ ᠦᠭᠡ ᠶᠢᠨ ᠪᠦᠢᠳᠦᠴᠡ》ᠭᠡᠰᠡᠨ ᠭᠠᠷᠴᠠᠭ ᠲᠠᠢ ᠨᠢᠭᠡᠨ ᠦᠭᠦᠯᠡᠯ ᠪᠢᠴᠢᠵᠦ ᠮᠦᠪᠦᠷ ᠮᠣᠩᠭᠤᠯ ᠤᠨ ᠪᠠᠭᠰᠢ ᠶᠢᠨ ᠶᠡᠬᠡ ᠰᠤᠷᠭᠠᠯ ᠤᠨ ᠡᠷᠳᠡᠮ ᠰᠢᠨᠵᠢᠯᠭᠡᠨ ᠤ ᠰᠡᠳᠭᠦᠯ ᠤᠨ 1993ᠣᠤᠨ ᠤ ᠭᠤᠷᠪᠠᠳᠤᠭᠠᠷ ᠬᠤᠭᠤᠴᠠᠭ᠎ᠠ ᠲᠡᠭᠡᠷ ᠡ ᠨᠡᠢᠲᠡᠯᠡᠬᠦᠯᠦᠭᠰᠡᠨ ᠪᠠᠢᠨ᠎ᠠ᠃ ᠡᠭᠦᠨ ᠳ᠋ᠤ ᠪᠢ ᠪᠦᠷ ᠴᠦ ᠦᠭᠡᠷ ᠡ ᠨᠢᠭᠡᠨ ᠵᠤᠭᠰᠤᠴᠠ ᠡᠴᠡ ᠣᠳᠤ ᠦᠶ ᠠ ᠶᠢᠨ ᠮᠣᠩᠭᠤᠯ ᠬᠡᠯᠡᠨ ᠤ ᠦᠭᠡ ᠶᠢᠨ ᠪᠦᠴᠦᠲ ᠶᠢᠨ ᠲᠣᠬᠠᠢ ᠵᠠᠳᠠᠯᠤᠨ ᠰᠢᠨᠵᠢᠯᠡᠵᠦ ᠲᠤᠷᠰᠢᠪᠠ᠃ ᠡᠨᠡ ᠠᠵᠢᠯ ᠪᠣᠯ ᠲᠠᠢᠮᠦ ᠬᠢᠯᠪᠠᠷᠬᠠᠨ ᠪᠢᠰᠢ᠂ ᠤᠴᠢᠷ ᠨᠢ ᠮᠣᠩᠭᠤᠯ ᠬᠡᠯᠡᠨ ᠤ ᠦᠡ ᠶᠢᠨ ᠪᠦᠳᠦᠴᠡ ᠭᠡᠬᠦ ᠡᠨᠡᠬᠦ ᠬᠡᠯᠡᠨ ᠤ ᠦᠵᠡᠭᠳᠡᠯ ᠤᠨ ᠲᠤᠰ ᠪᠠᠶ ᠠ ᠶᠢᠨ ᠬᠢᠨᠦ ᠦᠪᠡᠷᠮᠢᠴᠡ ᠣᠨᠴᠠᠯᠢᠭ ᠨᠢ ᠶᠡᠬᠡ ᠮᠦᠡᠷᠡᠭᠡᠨ ᠲᠤᠩ ᠲᠤ ᠪᠣᠳᠤᠯᠢᠶᠠᠨᠲᠠᠢ ᠪᠠᠢᠳᠠᠭ᠃ ᠵᠦᠪᠬᠡᠨ ᠠᠩᠬ ᠠ ᠠᠯᠬᠤᠮ ᠤ ᠠᠵᠢᠭᠯᠠᠯᠲᠠ ᠪᠡᠷ ᠪᠤᠶᠤ ᠨᠢᠭᠡ ᠬᠤᠶᠠᠷ ᠦᠭᠦᠯᠡᠯ ᠢᠢᠡᠷᠨ ᠠᠰᠠᠭᠤᠳᠠᠯ ᠢ ᠪᠦᠷᠢᠨ ᠨᠡᠪᠲᠡᠷᠬᠡᠢ ᠲᠤᠳᠤᠷᠬᠠᠢᠯᠠᠴᠢᠬᠠᠬᠤ ᠪᠢᠰᠢ ᠪᠣᠯᠬᠤᠷ᠂ ᠤᠯᠠᠮ ᠢᠢᠡᠷ ᠨᠠᠷᠢᠨ ᠭᠦᠨᠵᠡᠭᠡᠢ ᠠᠵᠢᠭᠯᠠᠨ ᠰᠢᠨᠵᠢᠯᠡᠵᠦ ᠪᠣᠯᠪᠠᠰᠤᠷᠠᠭᠤᠯᠬᠤ ᠴᠢᠬᠤᠯᠠᠲᠠᠢ ᠪᠠᠢᠭ᠎ᠠ ᠨᠢ ᠶᠠᠷᠢᠶᠠᠨ ᠦᠭᠡᠢ ᠬᠡᠷᠡᠭ᠃ ᠠᠷᠭ᠎ᠠ ᠵᠤᠭᠰᠤᠴᠠ ᠨᠢ ᠠᠳᠠᠯᠢ ᠦᠭᠡᠢ ᠡᠴᠡ ᠪᠣᠯᠵᠤ ᠠᠳᠠᠯᠢ ᠪᠣᠰᠤ ᠶᠢᠨ ᠦᠷ ᠡ ᠳ᠋ᠦᠩ ᠭᠠᠬᠤ ᠪᠣᠯᠤᠯᠴᠠᠭ ᠠ ᠲᠠᠢ᠂ ᠭᠡᠪᠡᠴᠦ ᠠᠯᠢ ᠨᠢᠭᠡᠨ ᠵᠤᠭᠰᠤᠴᠠ ᠡᠴᠡ ᠠᠵᠢᠭᠯᠠᠵᠤ ᠰᠢᠨᠵᠢᠯᠡᠭᠰᠡᠨ ᠴᠦ ᠶᠠᠭᠤᠨ ᠤ ᠡᠮᠦᠨ᠎ᠠ ᠲᠡᠷᠡ ᠰᠣᠳᠣᠯᠣᠯ ᠤᠨ ᠬᠢᠨᠢ ᠡᠭᠦᠷᠭᠡ ᠵᠣᠷᠢᠯᠭ᠎ᠠ᠂ ᠭᠡᠮᠵᠢᠬᠦᠷ ᠪᠠᠷᠢᠮᠵᠢᠶ ᠠ ᠨᠢ ᠡᠷᠭᠡᠪᠰᠢ ᠲᠤᠳᠤᠷᠬᠠᠢ ᠪᠠᠢᠬᠤ ᠭᠡᠷᠡᠭᠲᠡᠢ ᠶᠣᠮ᠃ |