摘要 |
13 ᠳ᠋ᠤᠭᠠᠷ ᠵᠠᠭᠤᠨ ᠤ ᠡᠷᠡᠨ ᠳ᠋ᠤ ᠲᠡᠯᠡᠬᠡᠢ ᠶᠢᠨ ᠤᠷᠴᠢᠯ ᠬᠤᠪᠢᠷᠠᠯ ᠳ᠋ᠤ ᠴᠢᠬᠤᠯᠠ ᠦᠢᠯᠡᠳᠦᠯ ᠦᠵᠡᠭᠦᠯᠦᠭᠰᠡᠨ ᠮᠣᠩᠭᠤᠯ ᠦᠨᠳᠦᠰᠦᠲᠡᠨ 17 ᠳ᠋ᠤᠭᠠᠷ ᠵᠠᠭᠤᠨ ᠡᠴᠡ ᠬᠤᠢᠰᠢ ᠮᠠᠨᠵᠦ ᠶᠢᠨ ᠨᠤᠶᠠᠷᠬᠠᠯ ᠳ᠋ᠤ ᠣᠷᠤᠵᠤ᠂ ᠢᠳᠡᠭ ᠢᠳᠡᠭ ᠢᠢᠡᠷ ᠲᠤᠷᠤᠢᠲᠤᠨ ᠪᠠᠭᠤᠷᠠᠬᠤ ᠵᠦᠭ ᠲᠤ ᠬᠠᠨᠳᠤᠵᠠᠢ᠃ ᠤᠨᠴᠤᠭᠤᠢᠯᠠᠨ ᠮᠠᠨᠵᠤ ᠴᠢᠩ ᠤᠨ ᠡᠷᠬᠡ ᠪᠠᠷᠢᠭᠴᠢᠳ ᠤᠨ ᠲᠠᠰᠤᠳᠠᠨ ᠰᠠᠯᠭᠠᠬᠤ ᠪᠦᠳᠡᠬᠦᠮᠵᠢᠯᠠᠨ ᠮᠣᠩᠬᠠᠷᠠᠭᠤᠯᠬᠤ ᠲᠦᠷᠦ ᠶᠢᠨ ᠪᠣᠳᠤᠯᠭ᠎ᠠ ᠶᠢᠨ ᠲᠤᠤᠷ ᠠ ᠮᠣᠩᠭᠤᠯᠴᠤᠳ ᠤᠨ ᠦᠨᠳᠦᠰᠦᠲᠡᠨ ᠤ ᠪᠠᠭᠠᠲᠤᠷ ᠵᠣᠷᠢᠭ ᠰᠠᠨᠠᠭ᠎ᠠ ᠨᠢ ᠪᠠᠭᠤᠷᠠᠵᠦ᠂ ᠢᠷᠡᠬᠦ ᠲᠦᠷᠦᠯ ᠤᠨ ᠨᠢᠭᠦᠯ ᠪᠤᠶᠠᠨ ᠢ ᠬᠦᠬᠡᠬᠡᠴᠡᠯᠳᠦᠳᠡᠭ᠌ ᠱᠠᠰᠢᠨ ᠤ ᠦᠨᠡᠨᠴᠢ ᠰᠦᠰᠦᠭᠲᠡᠨ ᠪᠣᠯᠵᠤ᠂《ᠰᠤᠮᠤᠨᠴᠢᠷ ᠦᠨᠳᠦᠰᠦᠲᠡᠨ ᠨᠢᠭᠡᠨᠲᠡ ᠨᠤᠮᠤᠨᠴᠢᠷ ᠦᠨᠳᠦᠰᠦᠲᠡᠨ ᠪᠣᠯᠤᠨ ᠬᠤᠪᠢᠷᠠᠭᠰᠠᠨ》 ᠪᠠᠢᠯ᠎ᠠ᠃《ᠺᠤᠯᠤᠨᠢ-ᠹᠸᠤᠳᠠᠯ ᠤᠨ ᠪᠣᠭᠤᠯᠴᠢᠯᠠᠯ᠂ ᠰᠢᠷ ᠠ ᠶᠢᠨ ᠱᠠᠰᠢᠨ ᠤ ᠮᠣᠩᠬᠠᠷᠠᠭᠤᠯᠭᠠ ᠶᠢᠨ ᠤᠷᠰᠢᠭ ᠢᠢᠡᠷ ᠮᠣᠩᠭᠤᠯ ᠣᠷᠤᠨ ᠬᠤᠷᠢᠳᠤᠭᠠᠷ ᠵᠠᠭᠤᠨ ᠤ ᠡᠬᠢᠨ ᠭᠠᠷᠬᠤ ᠳ᠋ᠤ ᠰᠣᠶᠣᠯ ᠪᠣᠯᠪᠠᠰᠤᠷᠠᠯ ᠡᠴᠡ ᠶᠡᠬᠡᠳᠡ ᠬᠤᠴᠤᠷᠤᠭᠰᠠᠨ ᠤᠷᠤᠨ ᠤ ᠨᠢᠭᠡ ᠪᠣᠯᠤᠨ ᠬᠤᠪᠢᠷᠠᠭᠰᠠᠨ ᠪᠠᠢᠯ᠎ᠠ》᠃ |