摘要 |
ᠲᠤᠰ ᠦᠭᠦᠯᠡᠯ ᠵᠦᠪᠬᠡᠨ ᠨᠢᠭᠡᠳᠬᠦ ᠡᠴᠡ ᠡᠮᠦᠨ᠋ᠡᠬᠢ ᠮᠣᠩᠭᠤᠯ ᠡᠯ᠎ᠡ ᠠᠢᠮᠠᠭ ᠤᠨ ᠠᠵᠤ ᠠᠬᠤᠢ ᠶᠢᠨ ᠬᠡᠪ ᠵᠠᠭᠪᠤᠷ᠂ ᠠᠮᠢᠳᠤᠷᠠᠯ ᠤᠨ ᠠᠷᠭ᠎ᠠ ᠮᠠᠶᠢᠭ᠂ ᠦᠢᠯᠡᠳᠪᠦᠷᠢᠯᠡᠯ ᠦᠨ ᠬᠡᠯᠪᠡᠷᠢ ᠮᠠᠶᠢᠭ ᠵᠡᠷᠭᠡ ᠬᠡᠳᠦᠨ ᠲᠠᠯ᠎ᠠ ᠪᠠᠷ ᠠᠩᠬ᠎ᠠ ᠬᠠᠢᠨ ᠰᠤᠳᠤᠯᠬᠤ ᠭᠡᠰᠡᠨ ᠶᠤᠮ᠃ ᠡᠭᠦᠨ ᠳᠦ (ᠨᠢᠭᠡ) ᠨᠢᠭᠡᠳᠬᠦ ᠡᠴᠡ ᠡᠮᠦᠨ᠋ᠡᠬᠢ ᠮᠣᠩᠭᠤᠯ ᠡᠯ᠎ᠡ ᠠᠢᠮᠠᠭ ᠤᠨ ᠠᠵᠤ ᠠᠬᠤᠢ ᠶᠢᠨ ᠬᠡᠪ ᠵᠠᠭᠪᠤᠷ᠂ (ᠬᠤᠶᠠᠷ) ᠣᠢ ᠰᠢᠭ᠋ᠤᠢ ᠶᠢᠨ ᠠᠪᠠ ᠰᠢᠪᠠᠭ᠋ᠤ ᠬᠢᠬᠦ ᠠᠢᠮᠠᠭ ᠤᠨ ᠠᠵᠤ ᠠᠬᠤᠢ᠂ (ᠭᠤᠷᠪᠠ) ᠣᠢ ᠰᠢᠭ᠋ᠤᠢ ᠶᠢᠨ ᠲᠤᠰᠬᠠᠨ ᠲᠡᠵᠢᠭᠡᠬᠦ ᠠᠢᠮᠠᠭ ᠤᠨ ᠠᠵᠤ ᠠᠬᠤᠢ᠂ (ᠳᠦᠷᠪᠡ) ᠲᠠᠯ᠎ᠠ ᠨᠤᠲᠤᠭ ᠤᠨ ᠨᠡᠭᠦᠳᠡᠯ ᠮᠠᠯᠵᠢᠯ ᠦᠨ ᠠᠢᠮᠠᠭ ᠤᠨ ᠠᠵᠤ ᠠᠬᠤᠢ᠂ (ᠲᠠᠪᠤ) ᠮᠠᠯᠵᠢᠬᠤ ᠪᠠ ᠲᠠᠷᠢᠶᠠᠯᠠᠬᠤ ᠠᠢᠮᠠᠭ ᠤᠨ ᠠᠵᠤ ᠠᠬᠤᠢ ᠵᠡᠷᠭᠡ ᠠᠰᠠᠭ᠋ᠤᠳᠠᠯ ᠳᠤ ᠠᠩᠬ᠎ᠠ ᠠᠯᠬᠤᠮ ᠤᠨ ᠰᠢᠨᠵᠢᠯᠡᠯ ᠬᠢᠭᠰᠡᠨ ᠪᠠᠢᠨ᠎ᠠ᠃ |