论文信息


题名 ᠠᠰᠠᠭ᠋ᠠᠳ ᠰᠡᠩᠬᠡᠷᠡᠭᠦᠯᠵᠦ ᠬᠠᠷᠢᠯᠴᠠᠨ ᠶᠠᠷᠢᠯᠴᠠᠬᠤ᠄ ᠬᠡᠯᠡ ᠪᠢᠴᠢᠭ ᠦᠨ ᠬᠢᠴᠢᠶᠡᠯᠡᠯᠭᠡ ᠶᠢᠨ ᠭᠤᠤᠯ ᠬᠡᠯᠪᠡᠷᠢ — 《ᠰᠠᠯᠬᠢᠴᠢ ᠰᠢᠪᠠᠭ᠋ᠤ》 ᠶᠢ ᠵᠢᠭ᠋ᠠᠭᠰᠠᠨ ᠦᠨ᠋ᠡᠨ ᠲᠡᠮᠳᠡᠭᠯᠡᠯ ᠡᠴᠡ ᠰᠡᠳᠦᠪᠯᠡᠬᠦ ᠨᠢ
作者 ᠡ‍ · ᠪᠠᠳᠠᠷᠠᠬᠤ
关键词
摘要 ᠠᠰᠠᠭ᠋ᠠᠳ ᠰᠡᠩᠬᠡᠷᠡᠭᠦᠯᠵᠦ ᠬᠠᠷᠢᠯᠴᠠᠨ ᠶᠠᠷᠢᠯᠴᠠᠬᠤ ᠠᠷᠭ᠎ᠠ ᠭᠡᠭᠴᠢ ᠪᠠᠭᠰᠢ ᠶᠢᠨ ᠠᠰᠠᠭ᠋ᠤᠯᠲᠠ ᠰᠤᠷᠤᠭᠴᠢ ᠶᠢᠨ ᠬᠠᠷᠢᠭ᠋ᠤᠯᠲᠠ ᠶᠢᠨ ᠬᠡᠯᠪᠡᠷᠢ ᠪᠡᠷ ᠶᠠᠪᠤᠭᠳᠠᠳᠠᠭ ᠰᠠᠢᠨ ᠠᠷᠭ᠎ᠠ ᠪᠤᠯᠤᠨ᠎ᠠ᠃ ᠲᠡᠭᠦᠨ ᠦ ᠰᠠᠢᠨ ᠲᠠᠯ᠎ᠠ ᠬᠢᠪᠡᠯ᠄ (ᠨᠢᠭᠡ) ᠰᠤᠷᠤᠭᠴᠢ ᠶᠢᠨ ᠠᠩᠬᠠᠷᠤᠯ ᠢ ᠲᠠᠲᠠᠵᠤ᠂ ᠰᠡᠳᠬᠢᠭᠦᠢ ᠶᠢ ᠨᠢ ᠬᠦᠭᠵᠢᠭᠦᠯᠦᠨ᠂ ᠬᠤᠷᠴᠢᠨ ᠰᠡᠷᠬᠡᠭ ᠰᠡᠳᠬᠢᠴᠡ᠂ ᠬᠤᠷᠳᠤᠨ ᠲᠤᠬᠢᠯᠢᠭ ᠬᠠᠷᠢᠭ᠋ᠤᠯᠬᠤ ᠴᠢᠳᠠᠪᠤᠷᠢᠲᠠᠢ ᠪᠤᠯᠭ᠋ᠠᠨ᠎ᠠ; (ᠬᠤᠶᠠᠷ) ᠰᠤᠷᠤᠭᠴᠢ ᠶᠢ ᠠᠰᠠᠭ᠋ᠤᠬᠤ ᠵᠠᠪᠰᠢᠶᠠᠨ ᠲᠠᠢ᠂ ᠮᠠᠷᠭ᠋ᠤᠯᠳᠤᠬᠤ ᠲᠤᠬᠢᠶᠠᠯ ᠲᠠᠢ ᠪᠤᠯᠭ᠋ᠠᠨ᠎ᠠ; (ᠭᠤᠷᠪᠠ) ᠰᠤᠷᠤᠭᠴᠢ ᠶᠢᠨ ᠬᠡᠯᠡ ᠶᠠᠷᠢᠶ᠎ᠠ ᠶᠢ ᠪᠤᠯᠪᠠᠰᠤᠷᠠᠭ᠋ᠤᠯᠬᠤ ᠳᠤ ᠠᠰᠢᠭᠲᠠᠢ ᠪᠠᠢᠵᠤ᠂ ᠶᠠᠪᠤᠭ᠋ᠠᠨ ᠶᠠᠷᠢᠬᠤ ᠦᠭᠦᠯᠡᠬᠦ ᠴᠢᠳᠠᠪᠤᠷᠢ ᠶᠢ ᠨᠢ ᠳᠡᠭᠡᠭᠰᠢᠯᠡᠭᠦᠯᠦᠨ᠎ᠡ; (ᠳᠦᠷᠪᠡ) ᠪᠠᠭᠰᠢ ᠰᠤᠷᠤᠭᠴᠢ ᠬᠠᠷᠢᠯᠴᠠᠨ ᠴᠢᠮᠡᠭᠡ ᠶᠠᠩᠬᠢ ᠰᠤᠯᠢᠯᠴᠠᠬᠤ ᠳᠤ ᠰᠠᠢᠨ᠃ ᠪᠠᠭᠰᠢ ᠠᠰᠠᠭ᠋ᠤᠯᠲᠠ ᠶᠢ ᠴᠤᠬᠤᠮ ᠬᠡᠷᠬᠢᠨ ᠭᠠᠷᠭ᠋ᠠᠵᠤ ᠶᠠᠭ᠋ᠠᠬᠢᠨ ᠠᠰᠠᠭ᠋ᠤᠪᠠᠯ ᠵᠤᠬᠢᠬᠤ ᠪᠤᠢ? (ᠨᠢᠭᠡ) ᠪᠠᠭᠰᠢ ᠶᠢᠨ ᠭᠠᠷᠭ᠋ᠠᠬᠤ ᠠᠰᠠᠭ᠋ᠤᠯᠲᠠ ᠨᠢ ᠤᠳᠬ᠎ᠠ ᠠᠭ᠋ᠤᠯᠭ᠎ᠠ ᠲᠠᠢ ᠪᠠᠢᠬᠤ; (ᠬᠤᠶᠠᠷ) ᠪᠠᠭᠰᠢ ᠶᠢᠨ ᠭᠠᠷᠭ᠋ᠠᠬᠤ ᠠᠰᠠᠭ᠋ᠤᠯᠲᠠ ᠶᠢᠨ ᠶᠡᠬᠡ ᠪᠠᠭ᠎ᠠ᠂ ᠣᠯᠠᠨ ᠴᠦᠬᠡᠨ᠂ ᠪᠡᠷᠬᠡ ᠬᠢᠯᠪᠠᠷ ᠨᠢ ᠵᠠᠪᠠᠯ ᠰᠤᠷᠤᠭᠴᠢ ᠶᠢᠨ ᠬᠦᠯᠢᠶᠡᠨ ᠠᠪᠬᠤ — ᠲᠠᠨ᠋ᠢᠯᠲᠠ ᠴᠢᠳᠠᠪᠤᠷᠢ ᠶᠢᠨ ᠬᠢᠷᠢ ᠬᠡᠮᠵᠢᠶ᠎ᠡ ᠳᠦ ᠲᠤᠬᠢᠷᠠᠭᠰᠠᠨ ᠪᠠᠢᠬᠤ; (ᠭᠤᠷᠪᠠ) ᠠᠮᠠᠨ ᠠᠰᠠᠭ᠋ᠤᠯᠲᠠ ᠪᠠᠷ ᠭᠤᠯᠯᠠᠵᠤ᠂ ᠪᠢᠷ ᠠᠰᠠᠭ᠋ᠤᠯᠲᠠ ᠪᠠᠷ ᠳᠡᠯᠡᠭᠦᠯᠬᠦ; (ᠳᠦᠷᠪᠡ) ᠴᠢᠳᠠᠬᠤ ᠬᠢᠷᠢ ᠪᠡᠷ ᠪᠦᠬᠦ ᠰᠤᠷᠤᠭᠴᠢ ᠠᠴᠠ ᠠᠰᠠᠭ᠋ᠤᠬᠤ ᠪᠦᠭᠡᠳ ᠰᠤᠷᠤᠭᠴᠢ ᠶᠢᠨ ᠬᠠᠷᠢᠭ᠋ᠤ ᠠᠰᠠᠭ᠋ᠤᠬᠤ ᠶᠢ ᠨᠡᠩ ᠢᠯᠡᠭᠦᠦ ᠵᠤᠷᠢᠭᠵᠢᠭ᠋ᠤᠯᠬᠤ; (ᠲᠠᠪᠤ) ᠪᠠᠭᠰᠢ ᠶᠢᠨ ᠠᠰᠠᠭ᠋ᠤᠯᠲᠠ ᠪᠤᠶᠤ ᠬᠠᠷᠢᠭ᠋ᠤᠯᠲᠠ ᠨᠢ ᠲᠤᠪᠴᠢ ᠪᠦᠭᠡᠳ ᠲᠤᠳᠤᠷᠬᠠᠢ᠂ ᠣᠪᠤᠷ ᠨᠢ ᠬᠠᠯᠠᠭ᠋ᠤᠨ ᠪᠦᠭᠡᠳ ᠳᠤᠲᠤᠨ᠋ᠤ ᠪᠠᠢᠬᠤ ᠶᠢ ᠱᠠᠭ᠋ᠠᠷᠳᠠᠨ᠎ᠠ᠃ ᠤᠩᠰᠢᠨ ᠲᠠᠢᠯᠪᠤᠷᠢᠯᠠᠬᠤ ᠬᠢᠴᠢᠶᠡᠯ ᠦᠨ ᠦᠩᠭᠡᠷᠡᠯᠲᠡ ᠨᠢ ᠪᠠᠭᠰᠢ ᠠᠴᠠ ᠵᠤᠬᠢᠶᠠᠯ ᠢ ᠳᠠᠬᠢᠨ ᠪᠦᠲᠦᠭᠡᠵᠦ ᠳᠠᠬᠢᠨ ᠠᠮᠢᠯᠠᠬᠤ ᠶᠠᠪᠤᠴᠠ ᠪᠤᠯᠤᠨ᠎ᠠ᠃ ᠡᠢᠮᠦ ᠡᠴᠡ ᠤᠩᠰᠢᠨ ᠲᠠᠢᠯᠪᠤᠷᠢᠯᠠᠬᠤ ᠶᠢ ᠬᠡᠯᠡ ᠪᠢᠴᠢᠭ ᠦᠨ ᠡᠷᠳᠡᠮᠲᠡᠳ ᠨᠢᠭᠡᠨ ᠵᠤᠢᠯ ᠤᠨ ᠤᠷᠠᠯᠢᠭ᠂ ᠨᠢᠭᠡᠨ ᠵᠤᠢᠯ ᠤᠨ ᠰᠢᠨᠵᠢᠯᠡᠬᠦ ᠤᠬᠠᠭ᠋ᠠᠨ ᠬᠡᠯᠡᠳᠡᠭ ᠪᠢᠯᠡ᠃
原文 没有原文
出自 内蒙古民族大学学报(社会科学) 1986年 第1期

联系我们


内蒙古大学图书馆
呼和浩特市大学西路235号
中国·内蒙古
P: (0471) 4992561
E: huangfeilong@imu.edu.cn