题名 |
ᠮᠣᠩᠭᠣᠯ ᠬᠡᠯᠡᠨ ᠦ ᠪᠠᠢ᠌ᠢᠩᠭ᠋ᠤ ᠬᠡᠷᠡᠭᠯᠡᠬᠦ ᠨᠡᠷ᠎ᠡ ᠦᠭᠡ ᠶᠢᠨ ᠬᠣᠭᠣᠷᠣᠨᠳᠣᠬᠢ ᠤᠳᠬᠠᠯᠠᠰᠤ ᠶᠢᠨ ᠨᠠᠢ᠌ᠷᠠᠯ ᠢ ᠰᠢᠨᠵᠢᠯᠡᠬᠦ ᠨᠢ |
作者 |
ᠯᠢᠨ ᠪᠠ ᠭᠸ |
关键词 |
ᠮᠣᠩᠭᠣᠯ ᠬᠡᠯᠡ; ᠪᠠᠢ᠌ᠩᠭ᠋ᠤ ᠬᠡᠷᠡᠭᠯᠡᠬᠦ ᠨᠡᠷ᠎ᠡ ᠦᠭᠡ; ᠤᠳᠬᠠᠯᠠᠰᠤ ᠶᠢᠨ ᠨᠠᠢ᠌ᠷᠠᠯ |
摘要 |
ᠣᠳᠣ ᠦᠶ᠎ᠡ ᠶᠢᠨ ᠤᠳᠬ᠎ᠠ ᠵᠦᠢ ᠨᠢ ᠵᠦᠪᠬᠡᠨ ᠦᠭᠡ ᠶᠢᠨ ᠤᠳᠬ᠎ᠠ ᠶᠢ ᠰᠣᠳᠤᠯᠬᠤ ᠬᠦᠷᠢᠶ᠎ᠡ ᠬᠡᠪᠴᠢᠶᠡᠨ ᠡᠴᠡ ᠬᠠᠯᠢᠨ ᠳᠠᠪᠠᠵᠤ᠂ ᠬᠡᠯᠬᠢᠴᠡ ᠬᠢᠭᠡᠳ ᠦᠭᠦᠯᠡᠪᠦᠷᠢ ᠶᠢᠨ ᠤᠳᠬ᠎ᠠ ᠶᠢ ᠴᠣ ᠰᠣᠳᠤᠯᠬᠤ ᠪᠣᠯᠤᠭᠰᠠᠨ ᠪᠠᠢ᠌ᠨ᠎ᠠ᠃ ᠡᠭᠦᠨ ᠳᠥ ᠬᠡᠯᠬᠢᠴᠡ ᠬᠢᠭᠡᠳ ᠦᠭᠦᠯᠡᠪᠦᠷᠢ ᠶᠢᠨ ᠤᠳᠬ᠎ᠠ ᠶᠢ ᠰᠣᠳᠤᠯᠬᠤ ᠳᠤ᠂ ᠡᠷᠬᠡᠪᠰᠢ ᠤᠳᠬᠠᠯᠠᠰᠤ ᠶᠢᠨ ᠵᠣᠬᠢᠴᠠᠯ ᠤᠨ ᠨᠦᠬᠦᠴᠡᠯ ᠪᠡ ᠤᠳᠬᠠᠯᠠᠰᠤ ᠶᠢᠨ ᠨᠠᠢ᠌ᠷᠠᠯ ᠤᠨ ᠳᠦᠷᠢᠮ ᠳᠥ ᠨᠡᠢ᠌ᠴᠡᠭᠰᠡᠨ ᠵᠦᠪ ᠣᠢ᠌ᠯᠠᠭᠠᠮᠵᠢᠲᠠᠢ ᠬᠡᠯᠬᠢᠴᠡ ᠪᠡ ᠦᠭᠦᠯᠡᠪᠦᠷᠢ ᠶᠢ ᠨᠠᠢ᠌ᠷᠠᠭᠤᠯᠬᠤ ᠬᠡᠷᠡᠭᠲᠡᠢ᠃ ᠲᠤᠰ ᠦᠭᠦᠯᠡᠯ ᠳᠥ ᠵᠣᠬᠢᠶᠠᠭᠴᠢ ᠡᠴᠡ ᠨᠡᠷ᠎ᠡ ᠤᠳᠭᠠᠯᠠᠰᠤ ᠬᠣᠭᠣᠷᠣᠨᠳᠣ ᠪᠠᠨ ᠨᠠᠢ᠌ᠷᠠᠵᠤ ᠬᠡᠯᠬᠢᠴᠡ ᠪᠦᠲᠦᠭᠡᠬᠦ ᠪᠡ ᠦᠭᠦᠯᠡᠪᠦᠷᠢ ᠪᠦᠲᠦᠭᠡᠬᠦ ᠬᠣᠶᠠᠷ ᠲᠠᠯ᠎ᠠ ᠡᠴᠡ ᠰᠢᠨᠵᠢᠯᠡᠨ᠂ ᠮᠣᠩᠭᠣᠯ ᠬᠡᠯᠡᠨ ᠦ ᠪᠠᠢ᠌ᠩᠭ᠋ᠤ ᠬᠡᠷᠡᠭᠯᠡᠬᠦ ᠨᠡᠷ᠎ᠡ ᠦᠭᠡ ᠶᠢᠨ ᠬᠣᠭᠣᠷᠣᠨᠳᠣᠬᠢ ᠤᠳᠬᠠᠯᠠᠰᠤ ᠶᠢᠨ ᠨᠠᠢ᠌ᠷᠠᠯ ᠤᠨ ᠣᠨᠴᠠᠯᠢᠭ ᠢ ᠬᠤᠷᠢᠶᠠᠩᠭ᠋ᠤᠢ᠌ᠯᠠᠨ ᠭᠠᠷᠭᠠᠬᠤ ᠶᠢ ᠵᠣᠷᠢᠵᠠᠢ᠃ |
原文 |
查看原文
|
出自 |
内蒙古民族大学学报(社会科学)
2008年
第2期
|