摘要 |
《ᠮᠣᠩᠭᠯ ᠤᠨ ᠨᠢᠭᠤᠴᠠ ᠲᠤᠪᠴᠢᠶᠠᠨ》 ᠳᠦ᠄《ᠲᠡᠡᠲᠡ ᠦᠭᠡᠯᠦᠨ ᠦᠵᠢᠨ ᠭᠡᠭᠡᠯᠲᠡᠢ ᠪᠦᠷᠦᠨ᠂ ᠤᠨᠤᠨ ᠤ ᠲᠡᠯᠢᠬᠦᠨ ᠪᠣᠯᠳᠠᠬᠠ ᠪᠦᠬᠦᠢ ᠳ᠋ᠤᠷ ᠵᠦᠪ ᠲᠡᠨᠲᠡ ᠴᠢᠩᠬᠢᠰ ᠬᠠᠭᠠᠨ ᠲᠦᠷᠦᠵᠦᠬᠦᠢ》 ᠭᠡᠪᠡ᠃《ᠪᠤᠯᠤᠷ ᠡᠷᠢᠬᠡ 》 ᠳ᠌ᠤ᠄《ᠤᠰᠤᠨ ᠮᠣᠷᠢᠨ ᠵᠢᠯᠤᠨ ᠵᠤᠨ ᠤ ᠲᠡᠷᠢᠬᠦᠨ ᠰᠠᠷᠢᠢᠨ ᠲᠡᠷᠭᠡᠯ ᠡᠳᠦᠷᠷ ᠠ᠂ ᠤᠨᠤᠨ ᠮᠦᠷᠡᠨ ᠳ᠋ᠡᠬᠢ ᠲᠡᠯᠢᠬᠦᠨ (ᠪᠣᠳᠤᠯᠭ᠎ᠠ)〔ᠪᠣᠯᠳᠠᠭ᠎ᠠ〕 ᠨᠡᠷᠡᠲᠦ ᠭᠠᠵᠠᠷ ᠠ ᠦᠬᠡᠯᠦᠨ ᠬᠠᠲᠤᠨ ᠡᠴᠡ ᠮᠡᠨᠳᠦᠯᠡᠭᠰᠡᠨ》ᠭᠡᠵᠦ ᠪᠢᠴᠢᠭᠡᠳ ᠬᠠᠷᠭᠤᠭᠤᠯᠤᠨ ᠲᠤᠯᠭᠠᠭᠴᠢ ᠡᠴᠡ ( ᠪᠣᠳᠤᠯᠭ᠎ᠠ ) ᠭᠡᠰᠡᠨ ᠦᠭᠡ ᠵᠢ ᠡᠬᠡ ᠪᠢᠴᠢᠭ ᠤᠨ ᠲᠠᠰᠢᠶ ᠠ ᠦᠰᠦᠭ ᠭᠡᠵᠦ ᠦᠵᠡᠭᠡᠳ 〈ᠪᠣᠯᠳᠠᠭ᠎ᠠ〉 ᠭᠡᠰᠡᠨ ᠦᠭᠡ ᠵᠢ ᠵᠠᠰᠠᠨ ᠨᠡᠮᠡᠵᠡᠢ᠃ ᠪᠠᠰᠠ ᠲᠤᠰ ᠨᠣᠮ ᠤᠨ ᠵᠣᠭᠦᠯᠲᠡ ᠳᠡᠭᠡᠨ᠄《ᠲᠡᠷᠢᠬᠦᠨ ᠪᠣᠯᠳᠠᠭ ᠭᠡᠰᠡᠨ ᠮᠣᠩᠭᠤᠯ ᠦᠭᠡ ᠵᠢ ᠬᠢᠲᠠᠳ ᠡᠴᠡ ᠮᠠᠨᠵᠤᠴᠢᠯᠠᠭᠰᠠᠨ ᠢ ᠮᠣᠩᠭᠤᠯᠴᠢᠯᠠᠭᠠᠳ ᠤᠨᠤᠨ ᠮᠦᠷᠡᠨ ᠳ᠋ᠡᠭᠢ ᠲᠡᠯᠢᠬᠦᠨ ᠪᠣᠯᠳᠠᠭ᠎ᠠ ᠭᠡᠵᠢ?ᠭᠡᠵᠦ ᠲᠠᠢᠯᠪᠤᠷᠢᠯᠠᠭᠠᠳ ᠦᠵᠡᠯᠲᠡ ᠪᠠᠨ ᠬᠦᠨᠵᠡᠭᠡᠢᠷᠡᠭᠦᠯᠦᠨ ᠲᠤᠷᠠᠳᠪᠠ᠃ |