题名 |
ᠮᠤᠷᠢᠨ ᠬᠤᠭᠤᠷ ᠤᠨ ᠬᠡᠯᠪᠡᠷᠢ ᠲᠦᠷᠰᠦ ᠶᠢᠨ ᠬᠤᠪᠢᠷᠠᠯᠳᠠ ᠪᠠ ᠬᠦᠭ᠍ᠵᠢᠯᠳᠡ ᠶᠢᠨ ᠲᠤᠬᠠᠢ |
作者 |
ᠰᠤᠳᠤᠰᠡᠴᠡᠨ |
关键词 |
ᠮᠤᠷᠢᠨ ᠬᠤᠭᠤᠷ; ᠬᠡᠯᠪᠡᠷᠢ ᠲᠦᠷᠰᠦ; ᠬᠢᠴᠡ ᠪᠦᠳᠦᠴᠡ; ᠬᠤᠪᠢᠷᠠᠯᠳᠠ ᠬᠦᠭ᠍ᠵᠢᠯᠳᠡ |
摘要 |
ᠮᠤᠷᠢᠨ ᠬᠤᠭᠤᠷ — ᠮᠤᠩᠭ᠋ᠤᠯ ᠦᠨᠳᠦᠰᠦᠳᠡᠨ ᠤ ᠦᠪᠡᠷᠮᠢᠴᠡ ᠤᠨᠴᠠᠯᠢᠭ ᠲᠠᠢ ᠤᠷᠳᠤ ᠤᠳᠠᠭᠠᠨ ᠲᠡᠦᠬᠡ ᠲᠠᠢ ᠮᠤᠩᠭ᠋ᠤᠯᠴᠤᠳ ᠤᠨ ᠭᠡᠷ ᠤᠨ ᠬᠤᠢ᠌ᠮᠤᠷ ᠲᠤ ᠡᠷᠬᠡᠪᠰᠢ ᠪᠠᠢ᠌ᠬᠤ ᠨᠢᠭᠡ ᠵᠦᠢᠯ ᠤᠨ ᠬᠢᠬᠢᠯᠢᠳᠦ(ᠴᠢᠪᠬᠠᠳᠠᠰᠤᠳᠤ)ᠬᠦᠭ᠍ᠵᠢᠮᠳᠡᠭᠦᠷ ᠮᠦᠨ᠃ ᠡᠷᠳᠡᠨ ᠡᠴᠡ ᠮᠤᠩᠭ᠋ᠤᠯ ᠤᠷᠤᠨ ᠶᠢᠡᠷ ᠮᠤᠷᠢᠨ ᠬᠤᠭᠤᠷ ᠢ《ᠬᠢᠯᠭᠠᠰᠤᠨ ᠬᠤᠭᠤᠷ》᠂《ᠠᠷᠠᠰᠤᠨ ᠬᠤᠭᠤᠷ》᠂《ᠰᠢᠨᠠᠭᠠᠨ ᠬᠤᠭᠤᠷ》᠂《ᠬᠢᠬᠢᠯᠢ ᠬᠤᠭᠤᠷ》᠂《ᠬᠦᠷᠵᠡᠨ ᠬᠤᠭᠤᠷ》᠂《ᠴᠤᠭᠤᠷ ᠬᠢᠬᠢᠯᠢᠳᠦ》ᠬᠡᠮᠡᠨ ᠤᠯᠠᠨ ᠶᠠᠩᠵᠤ ᠪᠡᠷ ᠨᠡᠷᠡᠢ᠌ᠳᠴᠤ ᠪᠠᠢ᠌ᠵᠠᠢ᠃ ᠴᠤᠤᠷᠠᠢ ᠶᠢᠨ ᠬᠠᠢ᠌ᠷᠴᠠᠭ ᠨᠢ ᠵᠤᠤᠪᠠᠩ ᠬᠡᠯᠪᠡᠷᠢᠳᠡᠢ᠂ ᠮᠤᠷᠢᠨ ᠠᠷᠠᠰᠤ ᠪᠤᠶᠤ ᠮᠠᠩ ᠮᠤᠭᠠᠢ ᠶᠢᠨ ᠠᠷᠠᠰᠤ ᠪᠡᠷ ᠪᠦᠷᠢᠵᠦ᠂ ᠮᠤᠷᠢᠨ ᠲᠤᠯᠤᠭᠠᠢ ᠰᠡᠢ᠌ᠯᠵᠤ ᠪᠦᠳᠦᠭᠡᠭ᠍ᠰᠡᠨ ᠬᠦᠭ᠍ᠵᠢᠮ ᠶᠤᠮ᠃ ᠭᠡᠬᠦ ᠳᠤ ᠪᠠᠨ ᠡᠳᠡᠭᠡᠷ ᠨᠢ ᠬᠡᠯᠪᠡᠷᠢ ᠪᠠᠢ᠌ᠳᠠᠯ ᠤᠨ ᠲᠠᠯ᠎ᠠ ᠪᠡᠷ ᠶᠡᠷᠦᠩᠬᠡᠢ ᠳᠤ ᠪᠠᠨ ᠠᠳᠠᠯᠢᠪᠳᠤᠷ ᠪᠠᠢ᠌ᠳᠠᠭ᠃ ᠡᠳᠦᠭᠡ ᠶᠢᠨ ᠮᠤᠷᠢᠨ ᠬᠤᠭᠤᠷ ᠤᠨ ᠬᠢᠴᠡ ᠪᠦᠳᠦᠴᠡ᠂ ᠬᠡᠯᠪᠡᠷᠢ ᠲᠦᠷᠰᠦ ᠶᠢᠨ ᠲᠠᠯ᠎ᠠ ᠪᠡᠷ ᠤᠯᠠᠮ ᠭᠤᠶᠤ ᠤᠷᠢᠶᠠᠯᠢᠭ ᠪᠤᠯᠵᠤ᠂ ᠶᠠᠩᠵᠤ ᠪᠠᠢ᠌ᠳᠠᠯ ᠨᠢ ᠤᠯᠠᠮ ᠰᠠᠢ᠌ᠬᠠᠨ ᠶᠠᠩᠵᠤ ᠲᠠᠢ ᠪᠤᠯᠵᠤ ᠬᠤᠪᠢᠷᠠᠭᠰᠠᠨ ᠶᠤᠮ᠃ ᠲᠤᠰ ᠦᠭᠦᠯᠡᠯ ᠳᠤ ᠭᠤᠤᠯᠳᠠᠭᠤ ᠡᠷᠳᠡ ᠪᠠ ᠡᠳᠦᠭᠡ ᠶᠢᠨ ᠮᠤᠷᠢᠨ ᠬᠤᠭᠤᠷ ᠤᠨ ᠬᠡᠯᠪᠡᠷᠢ ᠲᠦᠷᠰᠦ᠂ ᠬᠢᠴᠡ ᠪᠦᠳᠦᠴᠡ ᠶᠢ ᠬᠠᠷᠢᠴᠠᠭᠤᠯᠤᠨ ᠪᠢᠴᠢᠵᠦ᠂ ᠮᠤᠷᠢᠨ ᠬᠤᠭᠤᠷ ᠤᠨ ᠬᠦᠭ᠍ᠵᠢᠮᠳᠡᠯ ᠪᠠ ᠬᠦᠭ᠍ᠵᠢᠮᠳᠡᠬᠦ ᠠᠷᠭ᠎ᠠ ᠵᠦᠢ ᠶᠢ ᠲᠦᠭᠦᠮ ᠦᠭᠦᠯᠡᠨ᠎ᠡ᠃ |
原文 |
查看原文
|
出自 |
赤峰学院学报(蒙文哲学社会科学版)
2015年
第5期
|