摘要 |
ᠤᠪᠤᠭ ᠲᠦᠷᠦᠯ ᠤᠨ ᠨᠡᠢᠭᠡᠮ ᠤᠨ ᠰᠡᠭᠦᠯᠴᠢ ᠶᠢᠨ ᠦᠶ ᠡ ᠡᠴᠡ ᠬᠦᠮᠦᠨ ᠲᠦᠷᠦᠯᠬᠢᠲᠡᠨ ᠤ ᠲᠡᠦᠬᠡᠨ ᠲᠡᠭᠡᠷ ᠡ ᠨᠠᠭᠤᠢ ᠤᠯᠠᠨ ᠪᠠᠭᠠᠲᠤᠷ ᠤᠨ ᠲᠤᠤᠯᠢᠰ ᠪᠤᠢ ᠪᠣᠯᠵᠠᠢ᠃ ᠡᠷᠲᠡᠨ ᠤ ᠭᠸᠷᠭ ᠤᠨ 《ᠢᠯᠢᠶᠡᠳᠡ》 ᠪᠠ 《ᠤᠳ᠋ᠰᠢᠤᠰ》᠂ᠠᠮᠠᠨᠢᠶ ᠠ ᠶᠢᠨ 《ᠱᠠᠰᠢᠨᠳ᠋ ᠳ᠋ᠠᠸᠢᠳ》ᠭᠡᠭᠡ ᠵᠡᠷᠭᠡ ᠶᠢᠨᠪᠠᠭᠠᠲᠤᠷ ᠤᠨ ᠲᠤᠤᠯᠢᠰ ᠲᠡᠯᠡᠬᠡᠢ ᠶᠢᠨ ᠠᠯᠳᠠᠷᠲᠤ ᠵᠣᠬᠢᠶᠠᠯ ᠤᠨ ᠡᠩᠨᠡᠭᠡ ᠳ᠋ᠤ ᠲᠤᠭᠠᠴᠠᠭᠳᠠᠵᠤ ᠪᠤᠢ᠃ ᠮᠠᠨ ᠤ ᠤᠯᠤᠰ ᠲᠤ ᠪᠠᠰᠠ ᠨᠡᠯᠢᠶᠡᠳ ᠪᠠᠶᠠᠯᠢᠭ ᠲᠤᠤᠯᠢᠰ ᠤᠨ ᠦᠪ ᠬᠦᠷᠦᠩᠭᠡ ᠪᠠᠢᠬᠤ ᠶᠣᠮ᠃ ᠲᠦᠪᠡᠳ ᠦᠨᠳᠦᠰᠦᠲᠡᠨ ᠤ 《ᠭᠡᠰᠡᠷ》᠂ᠺᠢᠷᠬᠢᠰ ᠦᠨᠳᠦᠰᠦᠲᠡᠨ ᠤ 《ᠮᠠᠨᠠᠰ》᠂ᠮᠣᠩᠭᠤᠯ ᠦᠨᠳᠦᠰᠦᠲᠡᠨ ᠤ 《ᠵᠢᠩᠭᠠᠷ》 ᠪᠣᠯ ᠪᠠᠭᠠᠲᠤᠷ ᠤᠨ ᠲᠤᠤᠯᠢᠰ ᠤᠨ ᠭᠠᠷᠮᠠᠭᠠᠢ ᠲᠦᠯᠦᠭᠡᠯᠡᠭᠴᠢ ᠨᠢ ᠪᠣᠯᠤᠨ᠎ᠠ᠃ ᠡᠢᠮᠦ ᠵᠣᠬᠢᠶᠠᠯ ᠤᠳ ᠢ ᠵᠣᠬᠢᠶᠠᠵᠦ ᠪᠦᠲᠦᠭᠡᠭᠰᠡᠨ ᠨᠢ ᠮᠠᠨ ᠤ ᠤᠯᠤᠰ ᠤᠨ ᠤᠯᠠᠨ ᠦᠨᠳᠦᠰᠦᠲᠡᠨ ᠤ ᠠᠷᠠᠳ ᠲᠦᠮᠡᠨ ᠦᠪᠡᠷ ᠤᠨ ᠢᠢᠡᠨ ᠤᠶᠤᠨ ᠤᠬᠠᠭᠠᠨ ᠡᠷᠲᠡᠮ ᠴᠢᠳᠠᠯ ᠪᠣᠯᠤᠨ ᠪᠦᠲᠦᠭᠡᠯᠴᠢ ᠬᠦᠳᠡᠯᠮᠦᠷᠢ ᠪᠡᠷ ᠬᠦᠮᠦᠨ ᠲᠦᠷᠦᠯᠬᠢᠲᠡᠨ ᠤ ᠰᠣᠶᠣᠯ ᠤᠨ ᠡᠷᠲᠡᠨᠢᠰ ᠤᠨ ᠰᠠᠩ ᠳ᠋ᠤ ᠤᠷᠤᠭᠤᠯᠵᠤ ᠦᠭᠦᠭᠰᠡᠨ ᠨᠢᠭᠡᠨ ᠶᠡᠬᠡ ᠬᠤᠪᠢ ᠨᠡᠮᠡᠷᠢ ᠪᠣᠯᠤᠨ᠎ᠠ ᠭᠡᠵᠦ ᠦᠨᠡᠯᠡᠬᠦ ᠶᠣᠰᠤᠲᠠᠢ᠃ |