论文信息


题名 ᠠᠷᠠᠯᠵᠢᠶ᠎ᠠ ᠦᠢᠯᠡᠰ ᠲᠠᠢ ᠬᠠᠮᠢᠶ᠎ᠠ ᠪᠦᠬᠦᠢ ᠬᠡᠳᠤᠨ ᠮᠤᠩᠭᠤᠯ ᠨᠠᠷ᠎ᠠ ᠦᠭᠡ ᠶᠢᠨ ᠲᠤᠬᠠᠢ
作者 ᠡᠷᠳᠡᠮᠳᠤ
关键词 ᠠᠷᠠᠯᠵᠢᠶ᠎ᠠ ᠦᠢᠯᠡᠰ ; ᠬᠠᠮᠢᠶ᠎ᠠ ᠪᠦᠬᠦᠢ ; ᠮᠤᠩᠭᠤᠯ ᠨᠠᠷ᠎ᠠ ᠦᠭᠡ 
摘要 ᠮᠤᠩᠭᠤᠯ ᠤᠨ ᠲᠡᠤᠭᠡᠨ᠎ᠠ ᠢᠯᠡᠷᠡᠳᠡᠭ《 ᠰᠠᠷᠳᠠᠭᠤᠯ》᠂《ᠰᠠᠷᠳᠠᠭᠳᠠᠢ》᠂《ᠰᠠᠷᠳᠡᠸᠠᠬᠢ》 ᠵᠠᠷᠭᠡ ᠨᠠᠷ᠎ᠠ ᠪᠤᠯ ᠦᠷᠦᠨᠡᠳᠡᠬᠢᠨ ᠤ ᠬᠦᠮᠦᠰ ᠢ ᠵᠢᠭᠠᠵᠦ ᠨᠡᠷᠡᠯᠡᠳᠠᠭ᠌ ᠪᠠᠢᠭᠰᠠᠨ᠃ ᠡᠳᠡᠭᠡᠷ ᠤᠨ ᠲᠤᠬᠠᠢ᠂ ᠡᠷᠳᠡᠮᠳᠠᠳ ᠰᠢᠨᠵᠢᠯᠡᠭᠡᠳ《 ᠬᠡᠷᠭᠢᠰ ᠭᠠᠷᠤᠯ ᠲᠠᠢ》᠂《ᠰᠠᠨᠰᠺᠷᠢᠲ ᠭᠠᠷᠤᠯ ᠲᠠᠢ》᠂《 ᠲᠦᠷᠺ ᠲᠠᠢ ᠬᠤᠯᠪᠤᠭ᠎ᠠ ᠲᠠᠢ》ᠭᠡᠬᠦ ᠮᠡᠳᠤ ᠶᠢᠨ ᠳ᠋ᠦᠩ ᠭᠠᠷᠭᠠᠵᠡᠢ᠃ ᠡᠳᠡᠭᠡᠷ ᠦᠭᠡᠰ ᠤᠨ ᠢᠵᠠᠭᠤᠷ ᠨᠢ 《 ᠰᠡᠷᠳ᠋》 ᠭᠡᠳᠡᠭ᠂ ᠲᠠᠷᠤᠢ ᠮᠤᠩᠭᠤᠯ ᠬᠡᠯᠡᠨ ᠤ 《ᠰᠠᠷᠠᠳᠤ》 ᠭᠡᠰᠡᠨ ᠦᠭᠡ ᠶᠢᠨ ᠶᠠᠷᠢᠶᠠᠨ ᠤ ᠬᠡᠯᠪᠡᠷᠢ ᠪᠤᠯᠤᠨ᠎ᠠ᠃ᠤᠳᠬ᠎ᠠ ᠨᠢ《 ᠰᠠᠷᠠ ᠪᠦᠬᠦᠢ》 ᠪᠤᠯᠤᠨ᠎ᠠ᠃《 ᠰᠠᠷᠳᠠᠭᠤᠯ 》 ᠨᠢ 《 ᠰᠠᠷᠠ ᠲᠠᠢ ᠭᠤᠤᠯ》᠂《 ᠰᠠᠷᠳᠡᠸᠡᠬᠢ》 ᠨᠢ《 ᠰᠠᠷᠠ ᠲᠠᠢ ᠪᠡᠬᠢ》 ᠭᠡᠬᠦ ᠮᠡᠳᠤ᠂ ᠶᠠᠷᠤᠩᠬᠡᠢ ᠳ᠋ᠡᠭᠡᠨ ᠰᠠᠷᠠ ᠵᠢ ᠬᠦᠨᠳᠤᠳᠭᠡᠳᠡᠭ᠌ ᠤᠬᠰᠠᠭᠠᠳᠡᠠ ᠢ ᠬᠦᠨᠳᠤᠳᠭᠡᠨ ᠲᠠᠭᠤᠳᠠᠬᠤ ᠳᠤ ᠬᠡᠷᠡᠭᠯᠡᠵᠦ ᠪᠠᠢᠵᠡᠢ᠃ ᠮᠤᠩᠭᠤᠯ ᠬᠠᠭᠠᠨᠳᠤ ᠤᠯᠤᠰ ᠪᠡ ᠶᠡᠭᠡ ᠶᠤᠸᠠᠨ ᠤ ᠦᠶ ᠡ ᠳᠤ ᠰᠢᠷ᠎ᠠ ᠨᠢᠳᠤᠳᠤ ᠠᠷᠠᠯᠵᠢᠶᠠᠴᠢᠳ ᠲᠤᠮᠳᠠᠳᠤ ᠶᠢᠨ ᠨᠤᠳᠤᠭ ᠲᠠᠪᠢᠰᠭᠡᠷ ᠲᠡᠭᠡᠷ᠎ᠠ ᠦᠷᠨᠢᠨ ᠭᠦᠭᠵᠢᠬᠦ ᠳ᠋ᠡᠭᠡᠨ《ᠬᠠᠮᠰᠠᠭᠠᠳᠡᠨ》 ᠪᠤᠶᠤ《ᠬᠤᠯᠪᠤᠭᠠᠳᠠᠨ》 ᠭᠡᠬᠦ ᠤᠳᠬ᠎ᠠ ᠪᠦᠬᠦᠢ《 ᠤᠷᠲ᠋ᠤᠭ》᠋ ᠤᠨ ᠪᠦᠯᠬᠦᠮ ᠢ ᠪᠦᠷᠢᠯᠳᠤᠬᠦᠯᠵᠡᠢ᠃ ᠡᠮᠤᠨᠡᠬᠢ《 ᠰᠠᠷᠳᠠᠭᠤᠯ》᠂《 ᠰᠠᠷᠳᠡᠸᠠᠬᠢ》 ᠭᠡᠵᠦ ᠲᠠᠭᠤᠳᠠᠭᠳᠠᠵᠦ ᠪᠠᠢᠭᠰᠠᠨ ᠬᠦᠮᠦᠰ ᠨᠢ ᠡᠨᠡ ᠦᠶ ᠠ ᠬᠦᠷᠴᠦ ᠢᠷᠡᠭᠡᠳ ᠪᠦᠷ《 ᠤᠷᠲ᠋ᠤᠭ》 ᠬᠡᠵᠦ ᠲᠠᠭᠤᠳᠠᠭᠳᠠᠬᠤ ᠪᠤᠯᠵᠡᠢ᠃《 ᠤᠷᠲ᠋ᠤᠭ》 ᠨᠢ ᠠᠵᠢᠯ ᠲᠦᠷᠦᠯ ᠤᠨ ᠰᠢᠨᠵᠢ ᠡᠴᠨ ᠪᠠᠨ ᠤᠳᠬ᠎ᠠ ᠰᠢᠯᠵᠢᠵᠦ᠂《 ᠦᠷᠳᠡᠭ》 ᠪᠤᠯᠤᠭᠰᠠᠨ ᠪᠡ ᠨᠠᠢᠭᠡᠮ ᠲᠠᠶᠠᠭᠠᠷ ᠲᠤ ᠲᠠᠨᠢᠭᠳᠠᠭᠰᠠᠨ ᠤᠨᠴᠠᠯᠢᠭ ᠡᠴᠨ ᠪᠤᠯᠵᠦ᠂ 《ᠡᠲ᠋ᠦ᠋ᠰ》 ᠬᠡᠵᠦ ᠲᠠᠭᠤᠳᠠᠭᠳᠠᠬᠤ ᠪᠤᠯᠪᠡ᠃ ᠲᠤᠰ ᠦᠬᠦᠯᠡᠯ ᠢ ᠮᠤᠩᠭᠤᠯ ᠤᠨ ᠠᠷᠠᠯᠵᠢᠶ᠎ᠡ ᠠᠵᠦ ᠠᠬᠤᠢ ᠵᠢ ᠰᠤᠳᠤᠯᠬᠤ ᠪᠠᠷ ᠭᠠᠷᠳᠠᠵᠦ᠂ ᠬᠡᠯᠡᠨ ᠤ ᠰᠢᠨᠵᠢᠯᠡᠯ ᠤᠨ ᠠᠷᠭ᠎ᠠ ᠳᠤ ᠲᠦᠰᠢᠭᠯᠡᠵᠦ ᠪᠠᠢᠭᠠᠳ᠂ ᠡᠷᠳᠡᠨ ᠤ ᠮᠤᠩᠭᠤᠯᠴᠤᠳ ᠤᠨ ᠢᠳᠡᠭᠡᠯ ᠪᠠᠳᠤ ᠵᠢ ᠬᠦᠨᠳᠤᠳᠭᠡᠵᠦ᠂ ᠬᠤᠢᠬᠤᠷ ᠵᠠᠯᠢ ᠵᠢ ᠬᠤᠷᠤᠰᠤᠨ ᠵᠠᠨᠤᠳᠠᠭ ᠠᠷᠠᠯᠵᠢᠶᠠᠴᠢᠨ ᠤ ᠮᠤᠷᠠᠯ ᠢ ᠦᠨᠡᠯᠡᠨ ᠰᠢᠨᠵᠢᠯᠡᠭᠰᠡᠨ ᠪᠠᠢᠬᠤ ᠶᠤᠮ᠃
原文 没有原文
出自 内蒙古民族大学学报(社会科学) 1998年 第2期

联系我们


内蒙古大学图书馆
呼和浩特市大学西路235号
中国·内蒙古
P: (0471) 4992561
E: huangfeilong@imu.edu.cn